☆ ᠣᠯᠠᠭᠠᠠᠪᠠᠷᠰ
ᠡᠵᠢ ᠶᠢᠨ ᠁ ᠪᠢ ᠪᠠᠢ᠌ᠭᠰᠠᠨ ᠶᠤᠮ
ᠡᠵᠢ ᠵᠢᠨ
ᠡᠯᠢᠭᠡ ᠵᠢᠷᠦᠭᠡᠨ ᠤ ᠭᠢᠨᠢ ᠳᠠᠮᠠᠤᠯᠠᠯ
ᠦᠵᠡᠯ ᠪᠣᠳᠤᠯ ᠤᠨ ᠭᠢᠨᠢ ᠭᠦᠰᠡᠯ
ᠦᠨᠡᠨ ᠥᠭᠡᠨ ᠤ ᠭᠢᠨᠢ ᠰᠠᠨᠠᠭ᠎ᠠ
ᠣᠨᠠᠬᠤ ᠨᠢᠯᠪᠣᠰᠤᠨ ᠤ ᠭᠢᠨᠢ ᠳᠤᠰᠤᠯ
ᠪᠢ ᠪᠠᠢ᠌ᠭᠰᠠᠨ ᠶᠤᠮ᠃
ᠡᠵᠢ ᠵᠢᠨ
ᠦᠷᠦ ᠵᠢᠷᠦᠭᠡᠨ ᠤ ᠭᠢᠨᠢ ᠭᠤᠨᠢᠭᠯᠠᠯ
ᠡᠪᠠᠦᠡᠭᠦ ᠰᠡᠳᠭᠢᠯ ᠤᠨ ᠭᠢᠨᠢ ᠡᠮᠵᠡᠭᠯᠡᠯ
ᠡᠷᠡᠭᠡ ᠦᠭᠡᠶ ᠠᠯᠢᠪᠠ ᠪᠠᠨ ᠡᠷᠭᠦᠭ᠍ᠴᠢ
ᠢᠪᠢᠯᠭᠦ ᠰᠦ᠋ ᠶᠢᠨ ᠭᠢᠨᠢ ᠰᠢᠷᠭᠢᠯᠳᠠ
ᠪᠢ ᠪᠠᠢ᠌ᠭᠰᠠᠨ ᠶᠤᠮ᠃
ᠡᠵᠢ ᠵᠢᠨ
ᠭᠠᠭᠴᠠ ᠪᠣᠳᠤᠯ ᠤᠨ ᠭᠢᠨᠢ ᠵᠤᠷᠢᠭᠵᠢᠯ
ᠭᠤᠨᠢᠭᠳᠤ ᠰᠡᠳᠭᠢᠯ ᠤᠨ ᠭᠢᠨᠢ ᠪᠠᠶᠠᠷᠯᠠᠯ
ᠭᠠᠷ ᠤᠨ ᠠᠯᠠᠭᠠᠨ ᠤ ᠭᠢᠨᠢ ᠬᠠᠯᠠᠭᠤᠷᠠᠯ
ᠬᠠᠯᠠᠭᠤᠨ ᠬᠠᠷᠠᠴᠠ ᠶᠢᠨ ᠭᠢᠨᠢ ᠦᠷᠦᠪᠳᠠᠯ
ᠪᠢ ᠪᠠᠢ᠌ᠭᠰᠠᠨ ᠶᠤᠮ᠃
ᠡᠵᠢ ᠵᠢᠨ
ᠭᠦᠯᠢᠶᠡᠭᠦ ᠰᠡᠳᠬᠢᠯ ᠤᠨ ᠭᠢᠨᠢ ᠣᠢ᠌ᠤᠠᠬᠠᠷᠯᠠᠯ
ᠭᠦᠡᠳᠤ ᠪᠣᠳᠤᠯ ᠤᠨ ᠭᠢᠨᠢ ᠳᠠᠷᠤᠯᠠᠯ
ᠭᠦᠴᠢᠷ ᠪᠠᠷᠭᠡᠰᠢᠶᠡᠯ ᠤᠨ ᠭᠢᠨᠢ ᠢᠯᠠᠭᠴᠢ
ᠭᠦᠰᠢᠭᠦᠤ ᠪᠠᠶ᠎ᠠ ᠶᠢᠨ ᠭᠢᠨᠢ ᠪᠦᠭ᠍ᠳᠥᠢᠯ
ᠪᠢ ᠪᠠᠢ᠌ᠭᠰᠠᠨ ᠶᠤᠮ᠃
ᠵᠤᠬᠢᠶᠠᠭᠴᠢ ᠶᠢᠨ ᠬᠠᠶᠢᠭ ᠄ ᠣᠷᠳᠤᠰ ᠤᠨ ᠡᠵᠡᠨ ᠬᠤᠷᠤᠭ᠎ᠠ ᠬᠤᠰᠢᠭᠤᠨ ᠤ ᠵᠠᠰᠠᠭ ᠪᠠᠯᠭᠠᠰᠤᠨ ᠤ ᠳᠣᠢ᠌ᠭ ᠰᠤᠮᠤ
ᠵᠤᠬᠢᠶᠠᠭᠴᠢ᠄ ᠣᠯᠠᠭᠠᠠᠪᠠᠷᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 02 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ