ᠨᠡᠪᠲᠡᠷᠡᠨ ᠤᠷᠤᠬᠤ
ᠮᠤᠩᠭ᠋ᠤᠯ ᠭᠡᠯᠡ

ᠢᠷᠠᠭᠤ ᠳᠤᠳᠤᠬᠠᠨ ᠡᠭᠡᠰᠢᠭ᠌ ᠶᠢᠡᠷ ᠶᠢᠡᠨ

ᠶᠠᠷᠳᠢᠠᠴᠤ ᠶᠢᠨ ᠰᠤᠨᠤᠷ ᠢ ᠪᠠᠶᠠᠰᠬᠠᠭᠰᠠᠨ

ᠶᠠᠳᠤᠭ᠎ᠠ ᠶᠢᠨ ᠳᠤᠯᠭᠢᠨ ᠳᠠᠭᠤ ᠪᠠᠷ ᠶᠢᠡᠨ

ᠶ‍ᠢᠰᠤᠨ ᠣᠳᠤᠨ ᠢ ᠭᠡᠢ᠌ᠭᠦᠯᠦᠭ᠍ᠰᠡᠨ

     ᠶᠠᠮᠠᠷ ᠰᠠᠢ᠌ᠬᠠᠨ ᠭᠡᠯᠡ ᠪᠣᠢ᠂ ᠳᠠᠷᠠ ᠴᠢᠨᠢ

     ᠶᠠᠷᠢᠶᠠᠨ ᠦᠭᠡᠶ ᠮᠠᠨ ᠤ ᠮᠤᠩᠭ᠋ᠤᠯ ᠭᠡᠯᠡ ᠰᠢᠤ

ᠣᠶᠠᠩᠭ᠋᠎ᠠ ᠰᠢᠯᠦᠭ᠌ ᠤᠨ ᠠᠶᠠᠰ ᠶᠢᠡᠷ ᠶᠢᠡᠨ

ᠣᠳᠤᠮ ᠵᠠᠭᠤᠷ᠎ᠠ ᠪᠠᠨ ᠳᠠᠨᠢᠭᠳᠠᠭᠰᠠᠨ

ᠠᠭᠤᠳᠠᠮ ᠨᠤᠳᠤᠭ ᠲᠡᠶ ᠮᠤᠩᠭ᠋ᠤᠯᠴᠤᠳ ᠤᠨ

ᠣᠭ ᠢᠵᠠᠭᠤᠷ ᠤᠨ ᠭᠡᠯᠡ ᠰᠢᠤ

     ᠭᠡᠳᠦᠢ ᠰᠠᠢ᠌ᠬᠠᠨ ᠪᠣᠢ᠂ ᠮᠢᠨᠤ ᠮᠤᠩᠭ᠋ᠤᠯ ᠭᠡᠯᠡ

     ᠭᠡᠨ ᠳᠤ ᠴᠤ ᠪᠠᠢ᠌ᠪᠠᠯ ᠶᠠᠮᠠᠷ ᠭᠤᠶᠤᠬᠠᠨ ᠪᠣᠢ

ᠠᠪᠣ ᠳᠡᠭᠡᠳᠤ ᠡᠴᠡ ᠪᠢᠳᠠᠨ ᠳᠤ ᠦᠭ‍ᠭᠦᠭ᠍ᠰᠡᠨ

ᠠᠰᠢᠳᠠ ᠮᠥᠩᠭᠡ ᠶᠢᠨ ᠳᠤᠭᠳᠠᠨᠢᠯ ᠶᠤᠮ ᠰᠢᠤ

ᠠᠴᠢᠳᠠᠢ ᠪᠠᠭᠰᠢ ᠶᠢᠨ ᠪᠢᠳᠠᠨ ᠳᠤ ᠵᠢᠭᠠᠭᠰᠠᠨ

ᠠᠮᠢᠳᠤᠷᠠᠯ ᠳᠠᠮᠠᠴᠠᠯ ᠤᠨ ᠵᠡᠪᠰᠡᠭ᠌ ᠶᠤᠮ ᠰᠢᠤ

     ᠬᠠᠮᠢᠭ᠎ᠠ ᠶᠠᠪᠣᠭᠰᠠᠨ ᠴᠤ ᠭᠡᠯᠡ ᠲᠡᠶ ᠪᠠᠨ ᠪᠣᠯ

     ᠬᠠᠯᠠᠭᠤᠨ ᠴᠢᠰᠤᠨ ᠤᠷᠭᠡᠯᠬᠤ ᠶᠤᠮ ᠡ ︕


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠪᠠᠶᠠᠠᠭᠤᠤᠯ

ᠵᠤᠬᠢᠶᠠᠭᠴᠢ᠄ ᠰᠠ᠊·ᠭᠡᠷᠡᠯᠳᠦᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3414
ᠴᠠᠭ᠄ 2010 ᠤᠨ ᠤ 12 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ