ᠨᠡᠪᠲᠡᠷᠡᠨ ᠤᠷᠤᠬᠤ
ᠨᠡᠭᠦᠳᠡᠯ

ᠭᠠᠯ ᠳᠡᠷᠭᠡᠨ ᠤ ᠳᠡᠭᠡᠳᠦᠰ ᠨᠢ

ᠭᠠᠭᠴᠠ ᠵᠠᠮ ᠪᠠᠷ ᠴᠤᠪᠣᠷᠠᠵᠤ

ᠭᠠᠯᠪᠠ ᠶᠢ ᠳᠤᠭᠤᠷᠢᠨ ᠨᠡᠭᠦᠳᠡᠯᠯᠡᠭ᠍ᠰᠡᠨ ᠴᠤ

ᠭᠠᠵᠠᠷ ᠶᠢᠠᠨ ᠶᠠᠷᠤᠨᠢ ᠡᠪᠳᠡᠳᠡᠭ᠌ ᠦᠭᠡᠶ ᠶᠤᠮ

ᠠᠰᠠᠷ ᠳᠠᠭᠳᠤ ᠰᠢᠭ ᠳᠠᠠᠳᠠ ᠪᠠᠨ ᠰᠥᠭᠯᠥᠢᠨ

ᠠᠯᠢᠪᠠ ᠪᠣᠵᠠᠷ ᠢ ᠭᠦᠯ ᠳᠤᠤᠷ᠎ᠠ ᠪᠠᠨ ᠴᠤᠭᠯᠠᠭᠤᠯᠵᠤ

ᠠᠯᠬᠤᠵᠤ ᠴᠢᠳᠠᠯ ᠦᠭᠡᠶ ᠵᠤᠭᠰᠤᠳᠠᠭ ᠪᠢᠰᠢ

ᠠᠯᠳᠠᠨ ᠳᠡᠯᠡᠭᠡᠢ ᠶᠢ ᠳᠤᠭᠤᠷᠢᠵᠤ ᠡᠷᠭᠢᠭ᠍ᠰᠡᠨ

ᠠᠭᠤᠤ ᠶᠡᠭᠡ ᠡᠷᠭᠡ ᠴᠢᠯᠦᠭᠡ ᠳᠠᠢ

ᠠᠷᠢᠶᠠᠳᠠᠨ ᠠᠮᠢᠳᠠᠨ ᠲᠡᠶ ᠴᠤ ᠬᠠᠮᠳᠤ ᠣᠷᠤᠰᠢᠬᠤ

ᠠᠷᠠᠤᠨ ᠲᠦᠮᠡᠨ ᠤ ᠮᠢᠨᠢ ᠨᠡᠭᠦᠳᠡᠯ ᠠᠮᠢᠳᠤᠷᠠᠯ

ᠡᠩᠭᠡ ᠳᠠᠢ᠌ᠪᠣᠩ ᠢ ᠭᠡᠵᠢᠶᠡᠨᠡᠢ ᠡᠷᠢᠯᠭᠢᠯᠡᠭ᠍ᠰᠡᠨ

ᠡᠷᠭᠡ ᠴᠢᠯᠦᠭᠡᠨ ᠤ ᠠᠶᠠᠯᠠᠯ ᠪᠠᠢ᠌ᠭᠰᠠᠨ

ᠡᠭᠡ ᠳᠡᠯᠡᠭᠡᠢ ᠶᠢᠨ ᠡᠪᠦᠷ ᠳᠡᠭᠡᠷ᠎ᠡ

ᠡᠶᠡᠪᠠᠷ ᠣᠷᠤᠰᠢᠬᠤ ᠳᠤᠩᠬᠠᠭ ᠪᠠᠢ᠌ᠭᠰᠠᠨ ᠁

ᠵᠤᠬᠢᠶᠠᠭᠴᠢ᠄ ᠪᠠ᠊·ᠢᠯᠠᠯᠳᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2008 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ