ᠨᠡᠪᠲᠡᠷᠡᠨ ᠤᠷᠤᠬᠤ
ᠰᠤᠷᠤᠭᠴᠢᠳ ᠲᠤ ᠪᠠᠨ ᠭᠡᠯᠡᠭᠦ ᠥᠭᠡ
2009 ᠣᠨ ᠳᠤ ᠳᠡᠭᠦᠰᠦᠭ᠍ᠰᠡᠨ ᠰᠤᠷᠤᠭᠴᠢᠳ ᠲᠤ ᠪᠠᠨ ᠵᠤᠷᠢᠭᠤᠯᠪᠠ᠃

ᠵᠠᠭᠢᠷᠤᠭᠰᠠᠨ ᠠᠶᠠᠯᠭᠤ ᠪᠠᠨ ᠳᠠᠪᠴᠢ

ᠵᠠᠩᠭᠢᠳᠤᠭᠰᠠᠨ ᠦᠰᠢᠶ᠎ᠡ ᠪᠠᠨ ᠮᠠᠷᠳᠠ

《ᠵᠠ》 ᠭᠡᠳᠡᠭ᠌ ᠥᠭᠡ ᠶᠢ ᠭᠡᠨ ᠳᠤ ᠴᠤ ᠭᠡᠯᠡᠵᠤ ᠰᠤᠷ

ᠵᠠᠪᠠᠯ ᠭᠡᠳᠡᠭ᠌ ᠵᠤᠷᠢᠭ ᠢ ᠭᠡᠵᠢᠶ᠎ᠡ ᠴᠤ ᠪᠠᠷᠢᠵᠤ ᠶᠠᠪᠣ︕

ᠵᠢᠷᠭᠠᠵᠤ ᠪᠠᠢ᠌ᠬᠤ ᠳᠤ ᠪᠠᠨ ᠵᠤᠪᠠᠵᠤ ᠶᠠᠪᠣᠭᠰᠠᠨ ᠶᠢᠡᠨ ᠪᠣᠤ ᠮᠠᠷᠳᠠ

ᠵᠷᠭᠠᠯ ᠵᠤᠪᠠᠯ ᠢ ᠬᠠᠨᠢ ᠲᠡᠶ ᠪᠠᠨ ᠳᠡᠭ᠍ᠰᠢ ᠪᠠᠷ ᠬᠤᠪᠢᠶᠠᠯᠴᠠ

ᠦᠪᠡᠷ ᠲᠤ ᠴᠢᠨᠢ ᠪᠠᠢ᠌ᠭ᠎ᠠ ᠪᠦᠭᠦᠨ ᠶᠢᠡᠨ ᠠᠮᠢᠠᠴᠢᠷᠬᠠᠨ ᠳᠡᠭᠡᠳᠦᠯᠡᠵᠤ ᠶᠠᠪᠣ

ᠦᠨᠦᠳᠤᠷ ᠤᠨ ᠦᠴᠦᠭᠡᠨ ᠮᠦᠴᠡ ᠶᠢ ᠴᠤ ᠰᠢᠵᠢᠷ ᠠᠯᠳᠠ ᠪᠠᠷ ᠨᠠᠠᠳᠢᠩᠨᠠ︕


ᠭᠠᠯᠠᠭᠤᠳ ᠤᠨ ᠭᠠᠩᠭ᠋ᠠᠨᠠᠭ᠎ᠠ ᠪᠠᠷ ᠡᠵᠢ ᠶᠢᠨ ᠶᠢᠡᠨ ᠪᠦᠪᠠᠢ ᠶᠢ ᠣᠶᠠᠷᠠᠩᠬᠠᠨ ᠮᠦᠷᠦᠭᠡᠳ

ᠭᠠᠭᠴᠠᠭᠠᠷᠳᠠᠯ ᠤᠨ ᠰᠠᠯᠭᠢ ᠶᠢ ᠠᠪᠣ ᠶᠢᠡᠨ ᠶᠢᠨ ᠦᠷᠦᠭᠡᠨ ᠳᠤ ᠭᠡᠵᠢᠶ᠎ᠡ ᠴᠤ ᠪᠣᠤ ᠣᠷᠤᠭᠤᠯ

ᠦᠰᠢᠯ ᠭᠢᠰᠠᠯ ᠢ ᠭᠡᠵᠢᠶ᠎ᠡ ᠴᠤ ᠪᠣᠤ ᠦᠶ᠎ᠡ ᠶᠢᠨ ᠨᠠᠢ᠌ᠵᠠ ᠳᠤ ᠪᠠᠨ ᠵᠤᠷᠢᠭᠤᠯ

ᠦᠨᠡᠨ ᠥᠭᠡ ᠶᠢ ᠬᠠᠢ᠌ᠷᠠᠳᠠᠢ ᠭᠦᠮᠤᠨ ᠡᠴᠡ ᠪᠠᠨ ᠭᠡᠵᠢᠶ᠎ᠡ ᠴᠤ ᠪᠣᠤ ᠨᠢᠭᠤ︕


ᠬᠠᠳᠠᠭᠤᠬᠠᠨ ᠭᠡᠯᠡᠭ᠍ᠰᠡᠨ ᠥᠭᠡ ᠶᠢ ᠮᠢᠨᠢ ᠬᠠᠷᠠᠳᠠᠵᠤ ᠪᠣᠤ ᠪᠣᠳᠤ

ᠬᠠᠢ᠌ᠷᠠᠯᠠᠵᠤ ᠶᠠᠪᠣᠭᠰᠠᠨ ᠰᠡᠳᠭᠢᠯ ᠢ ᠮᠢᠨᠢ ᠳᠤᠷᠠᠰᠬᠤ ᠶᠢᠨ ᠳᠡᠷᠢᠭᠦᠨ ᠳᠤ ᠰᠠᠨᠠ

《ᠡᠨ》 ᠡᠴᠡ ᠡᠭᠢᠯᠡᠵᠤ ᠵᠢᠭᠠᠭᠰᠠᠨ ᠠᠴᠢ ᠶᠢ ᠮᠢᠨᠢ ᠮᠠᠷᠳᠠᠯ᠎ᠠ ᠴᠤ

ᠠᠶᠠᠷᠯᠠᠬᠤ ᠶᠢᠨ ᠡᠷᠡᠨ ᠳᠤ ᠣᠨᠠᠭᠠᠭᠰᠠᠨ ᠨᠢᠯᠪᠣᠰᠤ ᠶᠢ ᠮᠢᠨᠢ ᠪᠣᠤ ᠣᠮᠠᠷᠳᠠ︕


ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2624
ᠴᠠᠭ᠄ 2010 ᠤᠨ ᠤ 06 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ