☆ ᠠᠯᠳᠠᠠᠳᠠᠯᠠᠢ
ᠮᠠᠨ ᠤ ᠭᠢ
ᠵᠥᠰᠡᠷᠡᠭᠦ ᠪᠣᠷᠤᠭᠠᠨ ᠳ᠋ᠤ ᠨᠠᠪᠳᠠ ᠱᠡᠪᠰᠢᠭᠦᠯᠵᠤ ᠠᠯᠬᠤᠯᠠᠭᠰᠠᠭᠠᠷ
ᠵᠡᠭᠦᠳᠤ ᠡᠭᠢᠯᠡᠭᠡ ᠦᠭᠡᠶ ᠳᠠᠯ᠎ᠠ ᠳᠤ ᠳᠠᠭᠤᠤ ᠴᠢ ᠭᠡᠷᠭᠢᠨ ᠳᠠᠭᠤᠯᠠᠪᠠ
ᠵᠦᠷᠢᠭ᠌ ᠶᠢᠡᠷ ᠠᠢ᠌ᠰᠤᠢ ᠬᠠᠢ᠌ᠷ᠎ᠠ ᠶᠢᠨ ᠣᠶᠠᠩᠭ᠋ᠠᠨ ᠳᠤ ᠭᠦᠳᠦᠯᠦᠭ᠍ᠳᠡᠭ᠍ᠰᠡᠭᠡᠷ
ᠵᠤᠯ ᠵᠢᠷᠭᠠᠯ ᠭᠦᠰᠡᠵᠤ ᠰᠢᠯᠦᠭ᠌ ᠪᠢ ᠭᠡᠳᠦᠢ ᠡᠦᠶᠡᠩᠭ᠋ᠡᠯᠡᠪᠡ
ᠵᠤᠪᠠᠯ ᠵᠦᠳᠠᠯ ᠢ ᠨᠢᠭᠡᠳᠭᠡᠭᠦ ᠵᠤᠷᠢᠭ ᠰᠡᠳᠭᠢᠯ ᠪᠢᠳᠠᠨ ᠳᠤ ᠪᠣᠢ ᠪᠣᠯ
ᠵᠥᠪᠭᠡᠨ ᠮᠤᠩᠭ᠋ᠤᠯ ᠶᠢᠡᠨ ᠪᠢᠳᠠ ᠵᠢᠷᠦᠭᠡ ᠪᠠᠷ ᠶᠢᠡᠨ ᠳᠠᠭᠤᠯᠠᠵᠤ ᠶᠠᠪᠣᠶ᠎ᠠ
ᠭᠦᠷᠭᠦ ᠠᠶᠠᠨ ᠤ ᠬᠤᠯᠠ ᠶᠢ ᠮᠠᠳᠠᠵᠤ ᠭᠡᠷᠭᠢᠨ ᠲ᠋ᠡᠢ᠌ᠯᠭᠦᠪ
ᠭᠦᠡᠳᠡᠢ ᠬᠠᠩᠭ᠋ᠠᠢ ᠳᠠᠯ᠎ᠠ ᠪᠠᠨ ᠡᠵᠢ ᠰᠢᠭ᠌ ᠶᠢᠡᠨ ᠰᠠᠨᠠᠵᠤ
ᠭᠦᠰᠡᠯ ᠰᠡᠳᠭᠢᠯ ᠢᠳᠡᠭᠡᠯ ᠶᠢᠡᠨ ᠨᠤᠭᠤᠷᠠᠰᠢ ᠦᠭᠡᠶ ᠳᠠᠯᠠᠵᠤ
ᠭᠦᠮᠤᠨ ᠳᠤ ᠦᠭᠭᠦ ᠦᠭᠡᠶ ᠭᠡᠰᠡᠨ ᠵᠤᠷᠢᠭ ᠢ ᠠᠯᠭ᠎ᠠ ᠨᠢᠭᠡᠳᠭᠡᠨ ᠪᠠᠷᠢᠵᠤ
ᠭᠦᠴᠤ ᠪᠠᠷ ᠳᠠᠳᠠᠭᠰᠠᠨ ᠴᠤ ᠳᠠᠯᠪᠢᠬᠤ ᠦᠭᠡᠶ ᠬᠠᠢ᠌ᠷ᠎ᠠ ᠪᠠᠳᠤ ᠣᠷᠤᠰᠢᠵᠤ
ᠭᠦᠪᠴᠢᠨ ᠳᠡᠯᠡᠭᠡᠢ ᠶᠢᠨ ᠮᠤᠩᠭ᠋ᠤᠯ ᠠᠢ᠌ᠯ ᠪᠦᠭᠦᠨ ᠮᠠᠨᠠᠢ᠌ᠭᠢ ᠰᠢᠭ ᠪᠠᠢ᠌ᠭ ᠡ
ᠦᠬᠢᠨ ᠭᠦᠤ ᠭᠡᠵᠤ ᠢᠯᠭᠠᠯ ᠦᠭᠡᠶ ᠰᠠᠨᠠᠵᠤ
ᠣᠳᠤᠮ ᠮᠤᠩᠭ᠋ᠤᠯ ᠰᠤᠶᠤᠯ ᠶᠢᠡᠨ ᠮᠠᠷᠳᠠᠯ ᠦᠭᠡᠶ ᠣᠯᠠᠮᠵᠢᠯᠠᠵᠤ
ᠠᠭᠤᠳᠠᠮ ᠮᠤᠩᠭ᠋ᠤᠯ ᠨᠤᠳᠤᠭ ᠶᠢᠡᠨ ᠠᠮᠢ ᠰᠢᠭ ᠶᠢᠡᠨ ᠬᠠᠢ᠌ᠷᠠᠯᠠ ᠭᠡᠵᠤ
ᠣᠬᠠᠭᠠᠨ ᠪᠣᠳᠤᠯ ᠳᠤᠨᠢ ᠭᠦᠨ ᠡᠴᠡ ᠭᠦᠨ ᠨᠡᠪᠴᠢᠭᠦᠯᠵᠤ
ᠠᠭᠤᠯᠠ ᠳᠠᠯ᠎ᠠ ᠭᠤᠤᠯ ᠶᠢᠡᠨ ᠨᠠᠷᠠᠯᠠᠨ ᠨᠠᠷᠠᠯᠠᠨ ᠵᠢᠭᠠᠵᠤ
ᠣᠳᠤᠭᠠᠨ ᠰᠢᠷᠭᠠᠯ ᠢᠰᠡᠭᠡᠢ ᠭᠡᠷ ᠲᠡᠶ ᠪᠠᠨ ᠥᠪᠯᠡᠭᠦᠯᠦᠶᠡ
ᠠᠩᠭ᠍ᠯᠢ ᠶᠠᠫᠣᠨ ᠣᠷᠤᠰ ᠭᠡᠯᠡ ᠭᠡᠳᠦᠢ ᠰᠤᠷᠤᠭᠰᠠᠨ ᠴᠤ
ᠠᠷᠢᠭᠤᠨ ᠮᠤᠩᠭ᠋ᠤᠯ ᠥᠭᠡ ᠪᠠᠨ ᠣᠷᠭᠢᠵᠤ ᠪᠢᠳᠡᠭᠡᠢ ᠶᠠᠪᠣ ᠭᠡᠵᠤ
ᠠᠪᠣ ᠡᠵᠢ ᠶᠢᠨ ᠶᠢᠡᠨ ᠬᠠᠢ᠌ᠷ᠎ᠠ ᠶᠢ ᠦᠨᠢᠳᠠ ᠳᠡᠭᠡᠳᠦᠯᠡᠵᠤ
ᠠᠽᠢᠶ᠎ᠠ ᠧᠦᠷᠦᠫᠡ ᠶᠢᠨ ᠭᠠᠵᠠᠷ ᠢ ᠡᠵᠡᠨ ᠰᠢᠭ᠌ ᠶᠢᠡᠨ ᠳᠤᠭᠤᠷᠢᠵᠤ
ᠠᠶᠤᠩᠭ᠎ᠠ ᠮᠤᠩᠭ᠋ᠤᠯ ᠤᠨ ᠰᠦᠷ ᠭᠡᠷᠡᠯ ᠢ ᠡᠷᠭᠦᠵᠤ
ᠠᠳᠠᠭ᠎ᠠ ᠶᠢ ᠨᠢ ᠭᠦᠷᠳᠡᠯ᠎ᠡ ᠮᠠᠠᠳᠤᠭᠤᠯ ᠭᠡᠵᠤ ᠰᠤᠷᠭᠠᠶ᠎ᠠ
ᠭᠡᠷ ᠭᠡᠳᠦᠢ ᠪᠠᠭ᠎ᠠ ᠪᠣᠯᠪᠠᠴᠤ ᠬᠠᠢ᠌ᠷ᠎ᠠ ᠳᠦᠭᠦᠷᠡᠩ ᠪᠠᠢ᠌ᠪᠠᠯ
ᠭᠡᠷᠭᠡᠢ ᠬᠡᠦᠬᠡᠳ ᠪᠢᠳᠠ ᠭᠡᠳᠤ ᠳᠡᠭᠡᠨ ᠵᠢᠷᠭᠠᠯ ᠳᠠᠳᠤᠢ ᠪᠠᠢ᠌ᠨ᠎ᠠ
ᠭᠡᠷ ᠭᠡᠷ ᠤᠳ ᠪᠦᠭᠦᠳᠡ ᠡᠢ᠌ᠮᠤ ᠪᠠᠢ᠌ᠪᠠᠯ
ᠭᠡᠷᠡᠯᠳᠤ ᠮᠤᠩᠭ᠋ᠤᠯ ᠤᠨ ᠮᠠᠠᠳᠤᠯ ᠭᠢᠵᠠᠭᠠᠷ ᠦᠭᠡᠶ ᠣᠷᠤᠰᠢᠨ᠎ᠠ
ᠭᠡᠭᠡ ᠳᠠᠳᠠᠭᠰᠠᠨ ᠣᠢ᠌ᠯᠠᠰ ᠤᠨ ᠬᠠᠷᠭᠤᠢ ᠪᠠᠷ ᠴᠤᠪᠣᠷᠠᠯᠳᠤᠬᠤ
ᠭᠡᠳᠤ ᠠᠯᠤᠰ ᠤᠨ ᠠᠶᠠᠨ ᠤ ᠴᠤᠪᠣᠭᠠᠨ ᠳᠤ ᠮᠠᠨᠠᠢ᠌ᠭᠢ ᠪᠣᠢ
ᠳᠤᠰ ᠰᠢᠯᠦᠭ᠌ ᠢ ᠣᠤᠯ ᠨᠢ ᠭᠡᠰᠢᠭ᠍ᠳᠡᠨ ᠵᠠᠰᠠᠭ ᠤᠨ ᠮᠤᠩᠭ᠋ᠤᠯ ᠰᠤᠶᠤᠯ ᠰᠦᠯᠵᠢᠶᠠᠨ ᠳᠤ ᠨᠠᠢ᠌ᠳᠠᠯᠠᠪᠠ
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠭᠡᠰᠢᠭ᠍ᠳᠡᠨ ᠬᠤᠰᠢᠭᠤ ᠠᠯᠳᠠᠠᠳᠠᠯᠠᠢ
ᠵᠤᠬᠢᠶᠠᠭᠴᠢ᠄ ᠠᠯᠳᠠᠠᠳᠠᠯᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 10 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ