ᠨᠡᠪᠲᠡᠷᠡᠨ ᠤᠷᠤᠬᠤ
ᠪᠣᠳᠤᠯ ᠤᠨ ᠰᠡᠭᠦᠳᠡᠷ ᠵᠢᠠᠷ

ᠣᠴᠢᠶ᠎ᠠ ᠳ᠋ᠠ᠂   ᠣᠴᠢᠶ᠎ᠠ

ᠦᠨᠦ ᠴᠢᠨᠢ ᠶᠠᠭ ᠯᠠ ᠰᠢᠷ᠎ᠠ ᠪᠦᠷᠦᠢ

ᠥᠨᠡᠭᠡ ᠰᠢᠭ᠌ ᠬᠤᠯᠵᠢᠨ ᠰᠡᠭᠦᠳᠡᠷ ᠡᠴᠠ ᠨᠢ

ᠠᠮᠵᠢᠬᠤ ᠦᠭᠡᠶ ᠪᠣᠯ ᠥᠭᠡᠷ᠎ᠡ ᠭᠦᠮᠤᠨ ᠡᠵᠡᠯᠡᠴᠢᠭᠡᠨ᠎ᠡ


ᠣᠴᠢᠶ᠎ᠠ ᠳ᠋ᠠ᠂    ᠣᠴᠢᠶ᠎ᠠ

ᠵᠠᠪᠠᠬᠠᠢ ᠡᠮᠡᠰ ᠰᠢᠭ᠌ ᠬᠠᠷᠠᠴᠠ ᠪᠠᠷ

ᠵᠠᠮ ᠤᠨ ᠳ᠋ᠸᠩ ᠤᠳ ᠠᠨᠢᠪᠴᠢᠵᠤ

ᠵᠠᠳᠠᠭᠠᠢ ᠡᠷ᠎ᠡ ᠰᠢᠭ᠌  ᠰᠥᠨᠢ ᠬᠠᠷᠢᠨ

ᠵᠡᠭᠡᠯᠢ ᠶᠢᠨ ᠳᠡᠷᠳᠡᠭᠡ ᠡᠴᠠ ᠭᠡᠯᠳᠦᠷᠭᠢᠯᠡᠵᠤ ᠢᠷᠠᠨ᠎ᠡ


ᠣᠴᠢᠶ᠎ᠠ ᠳ᠋ᠠ᠂   ᠣᠴᠢᠶ᠎ᠠ

ᠣᠶᠠᠬᠠᠨ ᠨᠢ ᠡᠭᠢᠯᠡᠭ᠍ᠰᠡᠨ ᠦᠳᠡᠰᠢ ᠵᠢᠨ

ᠣᠷᠤᠭᠤᠯ ᠤᠨ ᠬᠠᠯᠠᠭᠤᠨ ᠨᠢ ᠪᠠᠳᠠᠷᠠᠵᠤ

ᠣᠯᠠᠨ ᠳᠤᠷ᠎ᠠ ᠶᠢᠨ ᠭᠦᠯ ᠨᠢ ᠴᠤ

ᠭᠤᠳᠤᠯ ᠤᠨ ᠶᠢᠡᠨ ᠭᠠᠳᠠᠨ᠎ᠠ ᠳᠠᠨᠤᠵᠤ ᠪᠠᠢ᠌ᠨ᠎ᠠ


ᠣᠴᠢᠶ᠎ᠠ ᠳ᠋ᠠ᠂    ᠣᠴᠢᠶ᠎ᠠ

ᠨᠤᠷᠠᠵᠤ ᠪᠠᠢ᠌ᠭ᠎ᠠ ᠡᠳᠦᠷ ᠤᠨ

ᠨᠤᠵᠤᠭᠤᠷᠠᠵᠤ ᠪᠠᠢ᠌ᠭ᠎ᠠ ᠰᠡᠭᠦᠯ ᠳᠤ ᠨᠢ

ᠨᠤᠭᠳᠤ ᠦᠭᠡᠶ ᠪᠣᠯᠵᠤ ᠣᠴᠢᠶ᠎ᠠ

ᠨᠢᠭᠤᠴᠠ ᠥᠭᠡ ᠪᠣᠯᠵᠤ ᠬᠤᠪᠢᠯᠵᠤ ᠣᠴᠢᠶ᠎ᠠ


ᠣᠴᠢᠶ᠎ᠠ ᠳ᠋ᠠ᠂   ᠣᠴᠢᠶ᠎ᠠ

ᠣᠯᠠᠭᠠᠨ ᠱᠠᠯᠳᠠᠩ ᠶᠢᠡᠨ ᠬᠠᠷᠠᠩᠭ᠋ᠤᠢ ᠳᠤ ᠨᠢᠭᠤᠬᠤ ᠭᠡᠵᠤ

ᠦᠨᠡᠨ ᠢ ᠬᠤᠳᠠᠯ ᠳᠤ ᠬᠤᠳᠠᠯᠳᠤᠬᠤ ᠭᠡᠵᠤ

ᠵᠢᠷᠭᠠᠯ ᠵᠤᠪᠠᠯᠠᠩ ᠬᠤᠶᠠᠷ ᠰᠤᠯᠢᠪᠴᠢᠭᠰᠠᠨ ᠰᠦᠨᠢ ᠳᠤ ᠣᠴᠢᠶ᠎ᠠ

ᠵᠠᠪᠠᠯ ᠭᠦᠮᠤᠨ ᠡᠴᠠ ᠪᠠᠨ ᠵᠢᠭᠤᠳᠠᠬᠤ ᠭᠡᠵᠤ ᠣᠴᠢᠶ᠎ᠠ


ᠶᠠᠯ᠎ᠠ ᠰᠢᠭ ᠵᠥᠭ᠌ ᠳᠤ

ᠶᠡᠭᠦᠷᠡᠭᠦ ᠭᠡᠵᠤ ᠣᠴᠢᠶ᠎ᠠ

ᠬᠠᠷᠠᠩᠭ᠋ᠤᠢ ᠶᠠᠭ ᠨᠦᠮᠦᠷᠴᠦ ᠢᠷᠡᠭᠦ ᠳ᠋ᠤ

ᠬᠠᠢ᠌ᠷ᠎ᠠ ᠳᠤᠷᠠᠯᠠᠯ ᠰᠢᠭ ᠯᠠ ᠣᠴᠢᠶ᠎ᠠ


ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤᠨ ᠤ ᠠᠷᠠᠤᠨ ᠤᠨ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠯ·ᠪᠠᠶᠠᠠᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2011 ᠤᠨ ᠤ 02 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ