ᠨᠡᠪᠲᠡᠷᠡᠨ ᠤᠷᠤᠬᠤ
ᠳᠡᠨᠢᠭᠡᠷ ᠳᠠᠮᠠᠴᠢ ᠶᠢᠨ ᠨᠠᠮᠤᠷ

ᠬᠤᠷᠭᠤᠯᠵᠠᠨ ᠴᠠᠭᠠᠨ ᠡᠭᠦᠯᠡ ᠨᠢ

ᠬᠠᠶᠠ ᠬᠠᠶᠠ ᠨᠡᠭᠦᠳᠡᠯᠯᠡᠭᠡᠳ

ᠬᠤᠨᠢᠳ ᠪᠠᠯᠴᠢᠵᠤ ᠪᠠᠢ᠌ᠮᠠᠷᠬᠠᠨ ᠬᠠᠷᠠᠭᠳᠠᠨ᠎ᠠ ︕


ᠦᠷᠭᠡᠨ ᠳᠠᠮᠠᠴᠢ ᠶᠢᠨ ᠳᠡᠭ᠍ᠷᠢ ᠨᠢ

ᠦᠶ᠎ᠡ ᠦᠶ᠎ᠡ ᠴᠡᠩᠭᠡᠷᠯᠡᠭᠡᠳ

ᠠᠷᠴᠢᠭᠰᠠᠨ ᠳᠤᠯᠢ ᠭᠡᠮᠡᠷᠭᠡᠨ ᠭᠢᠯᠠᠢ᠌ᠨ᠎ᠠ ︕


ᠠᠰᠠᠷ ᠳᠠᠭᠳᠤ ᠶᠢᠨ ᠪᠠᠷᠢᠯᠭ᠎ᠠ ᠨᠢ

ᠳᠠᠪᠬᠤᠷ ᠳᠠᠪᠬᠤᠷ ᠪᠣᠰᠤᠯᠴᠠᠭᠠᠤᠨ

ᠨᠠᠷᠠᠨ ᠭᠡᠭᠡᠪᠴᠢ ᠡᠴᠠ ᠰᠠᠷᠠᠪᠴᠢᠯᠠᠳᠠᠭ ᠪᠠᠢ᠌ᠭᠠᠯᠢ ᠶᠢ ᠳᠠᠭᠯᠠᠵᠤ ᠣᠷᠭᠢᠵᠠᠢ ︕


ᠡᠷᠳᠡ ᠶᠢᠨ ᠦᠵᠠᠮᠵᠢ ᠶᠢ ᠬᠤᠪᠢᠶᠠᠯᠴᠠᠬᠤ ᠭᠡᠮᠡᠨ

ᠦᠷᠯᠦᠭᠡ ᠦᠷᠯᠦᠭᠡ ᠱᠤᠭᠰᠢᠭᠠᠤᠨ

ᠠᠷᠤ ᠦᠪᠣᠷ ᠡᠴᠠ ᠵᠦᠷᠢᠯᠳᠦᠭᠦ ᠳᠡᠷᠭᠡ ᠯᠠ ᠳᠠᠰᠤᠷᠠᠰᠢ ᠦᠭᠡᠶ ᠪᠦᠮᠪᠦᠷᠢᠨ᠎ᠡ ︕


ᠬᠠᠷᠠᠭ᠎ᠠ ᠶᠢ ᠮᠤᠬᠤᠭᠠᠭᠰᠠᠨ ᠳᠠᠯ᠎ᠠ ᠨᠢ

ᠭᠡᠰᠡᠭ᠌ ᠭᠡᠰᠡᠭ᠌ ᠵᠡᠷᠭᠡᠯᠭᠡᠨᠳᠦᠭᠡᠳ

ᠬᠤᠯᠠ ᠶᠢᠨ ᠦᠵᠡᠭ᠍ᠳᠡᠯ ᠦᠨᠡᠨ ᠬᠤᠳᠠᠯ ᠨᠢ ᠢᠯᠭᠠᠭᠳᠠᠬᠤ ᠦᠭᠡᠶ ︕


ᠨᠠᠮᠤᠷᠰᠢᠭᠰᠠᠨ ᠳᠠᠮᠠᠴᠢ ᠶᠢᠨ ᠣᠯᠠᠷᠢᠯ ᠨᠢ

ᠪᠠᠢ᠌ᠨ ᠪᠠᠢ᠌ᠨ ᠪᠣᠷᠤᠭᠠᠯᠠᠭᠠᠤᠨ

ᠨᠠᠮᠤᠷ ᠵᠤᠨ ᠬᠤᠯᠢᠭᠳᠠᠭᠠᠤᠨ ᠣᠭᠭᠠᠨ ᠳᠦᠭᠦᠭᠡ ᠨᠢ ᠣᠯᠳᠠᠭᠳᠠᠬᠤ ᠦᠭᠡᠶ ︕


ᠮᠤᠳᠤᠨ ᠤ ᠭᠦᠷᠢᠶᠡᠨ ᠤ ᠳᠠᠮᠤᠷ ᠣᠳᠠᠰᠤᠨ ᠳᠡᠭᠡᠷ᠎ᠡ

ᠰᠦᠷᠦᠭ᠌ ᠰᠦᠷᠦᠭ᠌ ᠪᠣᠯᠵᠤᠮᠤᠷ ᠰᠠᠭᠤᠴᠢᠬᠠᠭᠠᠤᠨ

ᠡᠪᠦᠯ ᠢ ᠭᠡᠷᠭᠢᠨ ᠭᠡᠳᠦᠯᠳᠡᠭ᠌ ᠪᠣᠯᠠᠢ ᠭᠡᠮᠡᠨ ᠱᠤᠯᠤᠭᠠᠨᠠᠯᠳᠤᠨ᠎ᠠ ︕


ᠠᠭᠤᠯᠠ ᠰᠢᠭ ᠬᠠᠳᠠ ᠴᠢᠯᠠᠭᠤ ᠨᠢ

ᠪᠦᠭᠡᠮ ᠪᠦᠭᠡᠮ ᠶᠢᠡᠷ ᠪᠣᠳᠠᠷ ᠲᠤ ᠰᠢᠯᠵᠢᠭᠡᠳ

ᠡᠭᠦᠳᠡ ᠪᠠᠨ ᠭᠠᠷᠤᠮᠠᠭᠴᠠ ᠮᠠᠴᠤᠵᠤ ᠳᠠᠪᠠᠮᠠᠷ ᠶᠠᠭᠤᠮ᠎ᠠ ᠦᠭᠡᠶ ᠳᠠᠯᠠᠢ᠌ᠨ᠎ᠠ ︕


ᠮᠦᠷᠠᠨ ᠰᠢᠭ᠌ ᠣᠷᠤᠰᠬᠠᠯ ᠣᠰᠤ ᠨᠢ

ᠮᠢᠷᠠᠰ ᠮᠢᠷᠠᠰ ᠡᠩᠭᠡᠷ ᠭᠤᠤᠯ ᠳᠠᠭᠠᠨ ᠴᠢᠳᠬᠤᠯᠠᠭᠠᠤᠨ

ᠤᠢ᠌ᠷ᠎ᠡ ᠲᠦᠰᠤᠷ ᠲᠤ ᠵᠤᠭᠠᠴᠠᠨ ᠨᠠᠭᠠᠳᠤᠮᠠᠷ ᠭᠤᠷᠤᠬ᠎ᠠ ᠨᠠᠭᠤᠷ ᠠᠯᠠᠭ᠎ᠠ ︕


ᠨᠤᠬᠠᠢ ᠪᠠᠨ ᠳᠠᠭᠠᠭᠤᠯᠤᠨ ᠰᠡᠯᠡᠭᠦᠴᠡᠶ᠎ᠡ ᠭᠡᠭᠦᠯᠡᠷ ᠨᠢ

ᠵᠠᠩᠭ᠋ᠤᠳᠤ ᠡᠪᠠᠰᠤ ᠨᠢ ᠳᠠᠪᠠ ᠪᠠᠷ ᠶᠢᠡᠨ ᠣᠷᠭᠤᠭᠠᠤᠨ

ᠵᠠᠮ ᠡᠴᠠ ᠭᠠᠷᠪᠠᠯ ᠳᠠᠪᠠᠭ ᠳᠤᠨᠢ ᠰᠢᠭᠠᠭᠠᠤᠨ ᠳᠡᠭᠦᠵᠤ ᠦᠭ‍ᠭᠦ ᠶᠠᠷᠰᠢᠭ ᠲᠡᠶ ︕


ᠲ᠋ᠡᠨᠢᠭᠡᠷ ᠳᠠᠮᠠᠴᠢ ᠶᠢᠨ ᠨᠠᠮᠤᠷ ᠨᠢ

ᠳᠠᠭᠢᠨ ᠳᠠᠭᠢᠨ ᠰᠡᠷᠴᠢᠭᠢᠨᠡᠭᠦᠯᠦᠭᠡᠳ

ᠳᠤᠷᠠᠰᠤᠯ ᠢ ᠳᠠᠪᠠᠷᠠᠭᠤᠯᠬᠤ ᠡᠴᠠ ᠪᠢᠰᠢ ᠰᠡᠳᠭᠢᠯ ᠢ ᠠᠷᠭᠠᠳᠠᠬᠤ ᠪᠠᠷ ᠦᠭᠡᠶ ︕


                 2013 ᠣᠨ ᠤ 9 ᠰᠠᠷ᠎ᠠ ᠶᠢᠨ 8 ᠊ᠤ ᠡᠳᠦᠷ

    

                            ᠵᠤᠬᠢᠶᠠᠭᠴᠢ ᠶᠢᠨ ᠬᠠ‍‌ᠶᠢᠭ ᠄ ᠰᠦᠨᠢᠳ ᠵᠡᠭᠦᠨ ᠬᠤᠰᠢᠭᠤ

ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10527
ᠴᠠᠭ᠄ 2013 ᠤᠨ ᠤ 09 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ