☆ ᠴᠢ᠊·ᠳᠠᠯᠠᠢ
ᠬᠠᠷ᠎ᠠ ᠡᠳᠦᠷ ᠤᠨ ᠵᠡᠭᠦᠳᠤ
ᠳᠤᠯᠭᠠᠨ ᠭᠠᠯ ᠡᠴᠡ
ᠥᠷᠪᠢᠰᠭᠦ
ᠳᠦᠯᠤ
ᠳᠡᠦᠭᠡ ᠭᠡᠢ᠌ᠭᠦᠯᠦᠨ᠎ᠡ
ᠮᠦᠰᠤᠨ ᠠᠭᠤᠯᠠᠰ ᠤᠨ
ᠰᠦᠷ
ᠭᠦᠭ᠍ᠵᠢᠮᠳᠡᠭ᠍ᠰᠡᠨ
ᠮᠦᠷᠠᠨ ᠭᠤᠤᠯ ᠤᠨ ᠡᠷᠴᠢ ᠪᠠᠷ
ᠦᠷ ᠵᠠᠯᠭᠠᠵᠤ ᠰᠤᠯᠤᠩᠭ᠋ᠠᠷᠠᠨ᠎ᠠ
ᠥᠡᠳᠦᠷᠯᠢᠭ᠌ ᠪᠣᠯ ᠶᠡᠭᠡ ᠳᠠᠯᠠᠢ ᠪᠢᠯᠠ
ᠦᠨᠦᠴᠢᠨ ᠠᠷᠠᠯ
ᠠᠯᠤᠰ ᠬᠤᠯᠠ ᠳᠤ ᠳᠤᠳᠤᠷᠠᠵᠤ
ᠠᠯᠤᠰ ᠬᠤᠯᠠ ᠳ᠋ᠤ
ᠪᠦᠷᠦᠭ᠍ᠰᠢᠨᠡ
ᠳᠡᠭ᠍ᠷᠢ ᠶᠢᠨ ᠬᠠᠶᠠᠭ᠎ᠠ
ᠮᠥᠩᠭᠡ ᠪᠠᠷ ᠣᠯᠠᠯᠵᠠᠨᠠ
ᠳᠠᠠᠳᠠ ᠠᠰᠠᠬᠤ
ᠬᠠᠢ᠌ᠷ᠎ᠠ ᠶᠢᠨ ᠴᠤᠤᠷᠠᠢ
ᠬᠤᠯᠠ ᠪᠢᠰᠢ ᠭᠡᠵᠤ
ᠬᠤᠷᠸ᠎ᠠ ᠶᠢᠨ ᠴᠡᠯᠮᠡᠭ᠌ ᠭᠦᠳᠦᠯᠵᠤ
ᠭᠦᠮᠤᠨ ᠣᠯᠠᠨ ᠲᠡᠶ ᠳᠦᠰᠢᠯᠴᠡᠭ᠍ᠰᠡᠨ
ᠭᠦᠰᠡᠯ ᠤᠨ ᠰᠦᠪᠡ
ᠭᠡᠭᠡ ᠡᠷᠡᠨᠡ ᠡ᠃
ᠵᠤᠬᠢᠶᠠᠭᠴᠢ᠄ ᠴᠢ᠊·ᠳᠠᠯᠠᠢ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 3495
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ