ᠨᠡᠪᠲᠡᠷᠡᠨ ᠤᠷᠤᠬᠤ
ᠳᠤᠮᠤᠭ ᠤᠨ ᠮᠥᠩᠭᠡ ᠴᠢᠯᠠᠭᠤᠳ
᠊᠊᠊᠊᠊᠊᠊᠊᠊᠊᠊᠊᠊᠊᠊ ᠭᠦᠡᠳᠦᠯ ᠨᠤᠳᠤᠭ ᠤᠨ ᠭᠦᠴᠤᠨ ᠳᠡᠭᠦᠰ ᠬᠠᠨ ᠠᠭᠤᠯᠠ ᠶᠢᠨ ᠣᠪᠣᠭᠠᠨ ᠳᠠᠭᠢᠯᠭ᠎ᠠ ᠰᠡᠷᠭᠦᠭᠡᠭ᠍ᠳᠡᠭ᠍ᠰᠡᠨ ᠪᠠᠶᠠᠷ ᠲᠤ ᠡᠷᠭᠦᠪᠡ

        

ᠡ᠊ᠨᠳᠡ ᠡᠴᠡ

ᠥᠯᠢᠭᠡᠷ ᠡᠭᠢᠯᠡᠭ᠍ᠰᠡᠨ ᠦᠭᠡᠶ ᠪᠠᠢ᠌ᠵᠤ ᠮᠠᠳᠠᠨ᠎ᠠ

ᠡ᠊ᠨᠳᠡ ᠡᠴᠡ ᠮᠠᠷᠭᠠᠰᠢ ᠡᠭᠢᠯᠡᠭ᠍ᠰᠡᠨ ᠢ

ᠰᠠᠷᠠᠯ ᠮᠢᠨᠢ ᠭᠡᠷᠡᠴᠢᠯᠡᠵᠤ ᠪᠠᠢ᠌ᠪᠠ

ᠦᠨᠦᠳᠤᠷ ᠤᠨ ᠳᠡᠭ᠍ᠷᠢ

ᠨᠤᠳᠤᠭ ᠤᠨ ᠮᠢᠨᠢ ᠭᠦᠮᠦᠰ ᠰᠢᠭ᠌ ᠵᠦᠰᠠᠷᠠᠵᠤ ᠪᠠᠢ᠌ᠪᠠ

ᠳᠠᠷᠠ ᠵᠦᠰᠠ ᠪᠠᠷ ᠊᠊᠊᠊᠊᠊᠊᠊᠊᠊᠊᠊᠊᠊᠊ ᠪᠢ

ᠵᠢᠷᠦᠭᠡ ᠰᠡᠳᠭᠢᠯ ᠶᠢᠡᠨ ᠣᠭᠢᠶᠠᠬᠤ ᠶᠢ ᠭᠦᠰᠡᠯ᠎ᠡ ᠁


ᠭᠡᠰᠴᠤ ᠴᠠᠷᠴᠠᠬᠤ ᠬᠤᠤᠰᠯᠠᠭᠰᠠᠨ ᠵᠠᠶᠠᠭᠠᠨ ᠳᠤ

ᠳᠤᠮᠤᠭ ᠤᠨ ᠮᠥᠩᠭᠡ ᠴᠢᠯᠠᠭᠤᠳ

ᠨᠦᠰᠠᠷ ᠵᠡᠷᠭᠡᠯᠡᠭ᠍ᠳᠡᠪᠡ

ᠳᠦᠭᠡᠷᠢᠵᠤ ᠶᠠᠪᠣᠭᠰᠠᠨ ᠣᠪᠣᠭᠠᠨ ᠰᠢᠳᠦᠭᠡᠨ

ᠲᠦᠰᠢᠵᠤ ᠪᠣᠰᠬᠠᠭᠰᠠᠨ ᠨᠤᠳᠤᠭ ᠤᠨ ᠥᠳᠡᠭᠦᠰ ᠤᠨ

ᠵᠠᠢ᠌ᠷ ᠲᠡᠶ ᠨᠢᠳᠤ ᠮᠢᠨᠤ ᠳᠡᠭᠡᠷ᠎ᠡ ᠳᠤᠰᠤᠨ᠎ᠠ

ᠳᠡᠦᠭᠡ ᠪᠠ ᠦᠨᠡᠨ ᠤ ᠳᠤᠮᠳᠠ ᠡᠴᠡ

ᠪᠢᠳᠠ ᠶᠠᠭᠤ ᠨᠢᠭᠡ ᠶᠢ ᠡᠷᠢᠵᠤ ᠮᠤᠩᠭ᠋ᠠᠨᠢᠨ᠎ᠠ


ᠡ᠊ᠨᠳᠡ ᠊᠊᠊᠊᠊᠊᠊᠊᠊᠊᠊᠊᠊᠊᠊ ᠭᠦᠮᠤᠨ ᠣᠯᠠᠨ ᠴᠤᠭᠯᠠᠷᠠᠵᠠᠢ

ᠳᠠᠠᠳᠠ ᠊᠊᠊᠊᠊᠊᠊᠊᠊᠊᠊᠊᠊᠊᠊ ᠰᠢᠷᠡᠭᠡ ᠣᠯᠠᠨ ᠵᠠᠰᠠᠭᠳᠠᠵᠠᠢ

ᠣᠪᠣᠭ᠎ᠠ ᠮᠤᠳᠤ ᠣᠤᠯ ᠭᠡᠪ ᠶᠢᠡᠷ ᠶᠢᠡᠨ ᠰᠥᠭᠯᠡᠢ᠌ᠨ᠎ᠡ  


ᠡ᠊ᠨᠳᠡ ᠡᠴᠡ

ᠥᠯᠢᠭᠡᠷ ᠡᠭᠢᠯᠡᠭ᠍ᠰᠡᠨ ᠣᠴᠢᠷᠳᠠᠢ

ᠡ᠊ᠨᠳᠡ ᠡᠴᠡ

ᠮᠠᠷᠭᠠᠰᠢ ᠡᠭᠢᠯᠡᠭ᠍ᠰᠡᠨ ᠨᠢ ᠦᠨᠡᠠᠳᠠᠢ

ᠳᠡᠭᠡ᠂ ᠮᠥᠩᠭᠡ᠂ ᠪᠦᠷᠢᠶ᠎ᠡ᠂ ᠡᠷᠳᠡᠨᠢ᠂ ᠭᠦᠴᠤᠨ

ᠲᠦᠰᠢᠶᠠᠳᠤ ᠶᠢᠨ ᠳᠠᠪᠤᠨ ᠬᠠᠨ ᠤ

ᠲᠦᠪ ᠬᠠᠨ 《ᠭᠦᠴᠤᠨ ᠳᠡᠭᠦᠰ》 ᠊ᠤᠨ ᠡᠩᠭᠡᠷ

ᠳᠤᠮᠤᠭ ᠤᠨ ᠨᠤᠭᠤᠭᠠᠨ ᠮᠦᠴᠢᠷ

ᠵᠥᠩᠳᠡᠭᠡᠨ ᠣᠷᠭᠤᠨ᠎ᠠ

ᠳᠤᠷᠠᠰᠤᠯ ᠤᠨ ᠣᠩᠭ᠋ᠤᠨ ᠪᠠᠢ᠌ᠭᠠᠯᠢ

ᠵᠥᠩᠳᠡᠭᠡᠨ ᠰᠢᠪᠠᠷᠠᠨ᠎ᠠ


ᠲ᠋ᠠᠷᠠ ᠬᠤᠯᠠ ᠶᠢᠨ ᠴᠢᠮᠡᠭᠡ

ᠣᠯᠠ ᠳᠤᠤᠷ᠎ᠠ ᠡᠴᠡ ᠰᠤᠨᠤᠷᠳᠠᠵᠤ

ᠲᠦᠮᠡ ᠪᠣᠮᠠᠨ ᠠᠳᠤᠭᠤᠳ

ᠪᠣᠳᠤᠯ ᠤᠨ ᠭᠦᠨ ᠡᠴᠡ ᠭᠡᠯᠭᠢᠶᠡᠷᠡᠨ᠎ᠡ

ᠳᠡᠦᠭᠡ ᠶᠢᠨ ᠣᠯᠠᠨ ᠦᠨᠡᠨ

ᠨᠠᠷᠠᠨ ᠰᠠᠷᠠᠨ ᠤ

ᠰᠠᠴᠤᠷᠠᠭ ᠳᠠᠭᠠᠵᠤ ᠪᠣᠳᠠᠷᠠᠨ᠎ᠠ

ᠳᠠᠷᠠ ᠬᠤᠯᠠ ᠶᠢᠨ ᠠᠶᠠᠨ ᠳᠤ

ᠮᠠᠨᠤᠰ

ᠭᠦᠮᠤᠨ ᠢ ᠳᠠᠭᠠᠵᠤ

ᠳᠤᠷᠠᠮᠵᠢᠬᠠᠨ ᠭᠡᠯᠳᠦᠷᠢᠨ᠎ᠡ


ᠡ᠊ᠨᠳᠡ ᠊᠊᠊᠊᠊᠊᠊᠊᠊᠊᠊᠊᠊᠊᠊ ᠪᠣᠳᠤᠯ ᠣᠯᠠᠨ ᠲᠦᠪᠯᠡᠷᠠᠵᠠᠢ

ᠳᠠᠠᠳᠠ ᠊᠊᠊᠊᠊᠊᠊᠊᠊᠊᠊᠊᠊᠊᠊ ᠰᠤᠭᠳᠤᠭᠤ ᠣᠯᠠᠨ ᠭᠠᠷᠴᠠᠢ

ᠣᠪᠣᠭ᠎ᠠ ᠮᠤᠳᠤ ᠶᠠᠭᠤ ᠨᠢᠭᠡ ᠶᠢ ᠰᠠᠳᠭᠢᠵᠤ ᠰᠥᠭᠯᠡᠢ᠌ᠨ᠎ᠡ ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2011 ᠤᠨ ᠤ 04 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ