☆ ᠴᠦ᠋᠊·ᠪᠣᠯᠤᠳᠪᠠᠳᠤ
ᠭᠡᠦᠭᠡᠨ ᠮᠢᠨᠢ ᠭᠢᠳᠠᠤᠨ ᠶᠢᠡᠷ ᠣᠷᠤᠰᠴᠤ ᠪᠠᠢ᠌ᠨ᠎ᠠ
᠊᠊᠊᠊᠊᠊᠊᠊᠊᠊᠊᠊᠊᠊᠊ ᠦᠬᠢᠨ ᠳ᠋ᠠᠭᠠᠨ
ᠡᠭᠡ ᠶᠢᠨ ᠭᠡᠯᠡᠨ ᠤ
ᠡᠷᠳᠡᠨᠢᠰ ᠤᠨ ᠰᠠᠩ ᠵᠢᠠᠨ
ᠦᠮᠴᠢᠯᠠᠯ ᠦᠭᠡᠶ ᠣᠷᠭᠢᠭᠠᠤᠨ
ᠦᠨᠢᠷ ᠠᠶᠠᠯᠭ᠎ᠠ ᠵᠢᠨ
ᠥᠩᠭᠡᠳᠤ ᠳᠠᠭᠤᠳᠠᠯᠭ᠎ᠠ ᠶᠢ
ᠠᠮᠳᠠᠯᠠᠯ ᠦᠭᠡᠶ ᠭᠡᠭᠡᠭᠡᠳ
ᠭᠦᠭᠡᠷᠦᠭᠦᠢ ︕ ᠭᠡᠦᠭᠡᠨ ᠮᠢᠨᠢ
ᠭᠢᠳᠠᠤᠨ ᠶᠢᠡᠷ ᠣᠷᠤᠰᠴᠤ ᠪᠠᠢ᠌ᠨ᠎ᠠ᠃
ᠳᠡᠦᠭᠡ ᠱᠠᠰᠳᠠᠷ ᠤᠨ
ᠳᠤᠷᠭᠤᠨ ᠭᠦᠷᠦᠰᠤᠨ ᠳᠡᠭᠡᠷ᠎ᠡ
ᠳᠦᠭᠡ ᠭᠢᠰᠭᠡᠯ ᠦᠭᠡᠶ ᠥᠩᠭᠡᠷᠡᠭᠡᠳ
ᠳᠤᠭᠤᠵᠢ ᠳᠤᠤᠯᠢ ᠵᠢᠨ
ᠳᠤᠩᠭ᠋ᠠᠯᠠᠭ ᠶᠢᠷᠳᠢᠠᠴᠤ ᠳ᠋ᠤ
ᠳᠤᠯᠤᠭᠠᠢ ᠭᠢᠯᠵᠢᠯ ᠦᠭᠡᠶ ᠠᠯᠬᠤᠭᠠᠤᠨ
ᠭᠦᠭᠡᠷᠦᠭᠦᠢ ︕ ᠭᠡᠦᠭᠡᠨ ᠮᠢᠨᠢ
ᠭᠢᠳᠠᠤᠨ ᠶᠢᠡᠷ ᠣᠷᠤᠰᠴᠤ ᠪᠠᠢ᠌ᠨ᠎ᠠ᠃
ᠽᠠᠮᠪᠣᠲ᠋ᠢᠪ ᠤᠨ ᠭᠦᠮᠦᠰ ᠳᠤ
ᠵᠢᠭᠠᠭᠠᠤᠨ ᠰᠤᠷᠤᠰᠢ ᠥᠭᠡᠢ
ᠵᠠᠩ ᠵᠠᠩᠰᠢᠯ ᠡᠴᠡ ᠪᠠᠨ ᠳᠡᠷᠰᠯᠡᠭᠡᠳ
ᠵᠠᠯᠠᠭᠤ ᠽᠠᠠᠳᠠᠨ ᠳ᠋ᠠᠭᠠᠨ
ᠵᠠᠯᠭᠠᠭᠠᠤᠨ ᠣᠯᠤᠰᠢ ᠥᠭᠡᠢ
ᠵᠠᠪ ᠲᠤᠬᠢᠶᠠᠯ ᠶᠢᠡᠨ ᠠᠯᠳᠠᠭᠠᠤᠨ
ᠭᠦᠭᠡᠷᠦᠭᠦᠢ ︕ ᠭᠡᠦᠭᠡᠨ ᠮᠢᠨᠢ
ᠭᠢᠳᠠᠤᠨ ᠶᠢᠡᠷ ᠣᠷᠤᠰᠴᠤ ᠪᠠᠢ᠌ᠨ᠎ᠠ᠃
ᠣᠯᠠᠭᠠᠨ ᠵᠠᠯᠠᠭᠠᠳᠤ ᠵᠢᠨ
ᠣᠷᠮ᠎ᠠ ᠵᠤᠷᠢᠭ ᠨᠢ ᠰᠤᠯᠠᠷᠠᠭᠠᠤᠨ
ᠣᠷᠳᠤ ᠡᠭᠦᠷᠢᠳᠡ ᠵᠢᠨ
ᠣᠷᠠᠨ ᠣᠬᠠᠭᠠᠨ ᠨᠢ ᠪᠠᠯᠠᠷᠠᠭᠠᠤᠨ
ᠮᠢᠬ᠎ᠠ ᠨᠢ ᠮᠢᠬᠠᠰᠢᠯ ᠥᠭᠡᠢ
ᠱᠦᠯᠦ ᠨᠢ ᠱᠦᠯᠦᠰᠢᠯ ᠥᠭᠡᠢ
ᠭᠦᠭᠡᠷᠦᠭᠦᠢ ︕ ᠭᠡᠦᠭᠡᠨ ᠮᠢᠨᠢ
ᠭᠢᠳᠠᠤᠨ ᠶᠢᠡᠷ ᠣᠷᠤᠰᠴᠤ ᠪᠠᠢ᠌ᠨ᠎ᠠ ︕
ᠮᠤᠩᠭ᠋ᠤᠯ ᠭᠡᠯᠡ᠂ ᠮᠢᠨᠤ ᠰᠤᠶᠤᠯ
ᠭᠡᠯᠡᠭᠦ ᠳᠤ ᠡᠪᠯᠢᠭ᠌
ᠪᠢᠴᠢᠭᠦ ᠳᠤ ᠭᠡᠪᠯᠢᠭ᠌
ᠮᠤᠩᠭ᠋ᠤᠯ ᠭᠡᠯᠡ ᠊᠊᠊᠊᠊᠊᠊᠊᠊᠊᠊᠊᠊᠊᠊ ᠮᠢᠨᠤ ᠰᠤᠶᠤᠯ᠃
ᠣᠩᠰᠢᠬᠤ ᠳᠤ ᠣᠶᠠᠩᠭ᠋ᠠᠯᠢᠭ
ᠣᠢ᠌ᠯᠭᠠᠬᠤ ᠳᠤ ᠪᠠᠶᠠᠯᠢᠭ
ᠮᠤᠩᠭ᠋ᠤᠯ ᠭᠡᠯᠡ ᠊᠊᠊᠊᠊᠊᠊᠊᠊᠊᠊᠊᠊᠊᠊ ᠮᠢᠨᠤ ᠰᠤᠶᠤᠯ᠃
ᠬᠤᠯᠢᠮᠠᠭ ᠭᠡᠯᠡ ᠪᠠᠷ
ᠪᠤᠵᠡᠷᠳᠡᠬᠤᠰᠢ ᠥᠭᠡᠢ
ᠬᠤᠭᠤᠮᠠᠢ ᠰᠡᠳᠭᠢᠯ ᠵᠢᠠᠷ
ᠬᠠᠶᠢᠰᠢ ᠥᠭᠡᠢ
ᠮᠤᠩᠭ᠋ᠤᠯ ᠭᠡᠯᠡ ᠊᠊᠊᠊᠊᠊᠊᠊᠊᠊᠊᠊᠊᠊᠊ ᠮᠢᠨᠤ ᠰᠤᠶᠤᠯ᠃
ᠬᠠᠳᠠᠭᠠᠯᠠᠵᠤ ᠪᠠᠢ᠌ᠭ᠎ᠠ
ᠵᠤᠵᠠᠭᠠᠨ ᠦᠪ ᠳᠠᠢ
ᠬᠠᠢ᠌ᠵᠤ ᠰᠤᠳᠤᠯᠠᠬᠤ
ᠬᠠᠨᠠᠭᠠᠷ ᠳᠡᠦᠭᠡ ᠳᠠᠢ
ᠮᠤᠩᠭ᠋ᠤᠯ ᠭᠡᠯᠡ ᠮᠢᠨᠤ ᠰᠤᠶᠤᠯ᠃
ᠳᠡᠯᠡᠭᠡᠢ ᠶᠢᠨ ᠭᠡᠯᠡ ᠨᠤᠭᠦᠳ ᠳᠠᠢ
ᠡᠭᠡᠮ ᠵᠡᠷᠭᠡᠴᠡᠮᠡ᠃
ᠳᠡᠯᠭᠡᠷ ᠵᠠᠭᠤᠨ ᠳᠠᠭᠠᠨ
ᠠᠯᠳᠠᠷ ᠳᠠᠭᠤᠷᠰᠠᠮᠠ᠃
ᠮᠤᠩᠭ᠋ᠤᠯ ᠭᠡᠯᠡ ᠊᠊᠊᠊᠊᠊᠊᠊᠊᠊᠊᠊᠊᠊᠊ ᠮᠢᠨᠤ ᠰᠤᠶᠤᠯ᠃
ᠥᠵᠡᠭᠦ ᠡᠴᠡ ᠨᠢᠳᠤ ᠮᠢᠨᠢ ᠪᠢᠯᠠ ᠭᠡᠵᠤ
ᠡᠪᠦᠷ ᠲᠡᠭᠡᠨ ᠬᠠᠰᠢᠨᠠᠮ᠃
ᠪᠣᠯᠭᠢᠯᠠᠬᠤ ᠡᠴᠡ ᠵᠢᠷᠦᠭᠡ ᠮᠢᠨᠢ ᠪᠢᠯᠠ ᠭᠡᠵᠤ
ᠪᠦᠤᠪᠠᠢ᠌ᠯᠠᠨ ᠳᠠᠭᠠᠯᠠᠨᠠᠮ᠃
ᠮᠤᠩᠭ᠋ᠤᠯ ᠭᠡᠯᠡ ᠪᠠᠨ᠂ ᠮᠤᠩᠭ᠋ᠤᠯ ᠰᠤᠶᠤᠯ ᠶᠢᠡᠨ᠃
ᠠᠯᠳᠠ ᠭᠡᠳᠦᠢ ᠦᠨᠡᠳᠠᠢ ᠴᠤ
ᠠᠪᠤᠨ ᠴᠢᠮᠢ᠋ᠢ ᠰᠤᠯᠢᠬᠤ ᠥᠭᠡᠢ
ᠠᠮᠢᠳᠤᠷᠠᠯ ᠭᠡᠳᠦᠴᠢᠨᠡᠨ ᠭᠦᠴᠢᠷ ᠲᠡᠶ ᠴᠤ
ᠠᠯᠳᠠᠵᠤ ᠴᠢᠮᠢ᠋ᠢ ᠶᠠᠪᠣᠭᠤᠯᠬᠤ ᠥᠭᠡᠢ
ᠮᠤᠩᠭ᠋ᠤᠯ ᠭᠡᠯᠡ ᠪᠠᠨ᠂ ᠮᠤᠩᠭ᠋ᠤᠯ ᠰᠤᠶᠤᠯ ᠶᠢᠡᠨ᠃
ᠬᠤᠭᠤᠷᠠᠬᠤ ᠡᠴᠡ ᠪᠢᠰᠢ᠂ ᠨᠤᠭᠤᠷᠠᠬᠤ ᠥᠭᠡᠢ
ᠬᠠᠯᠠᠭᠤᠨ ᠴᠢᠰᠤᠳᠠᠨ ᠤ
ᠳᠤᠳᠤᠨᠤ ᠬᠠᠨᠢ᠃
ᠳᠠᠪᠰᠢᠬᠤ ᠡᠴᠡ ᠪᠢᠰᠢ᠂ ᠣᠬᠤᠷᠠᠳᠠᠭ ᠥᠭᠡᠢ
ᠬᠠᠳᠠᠨ ᠵᠤᠷᠢᠭᠳᠠᠨ ᠤ
ᠳᠡᠭᠦᠵᠢᠩ ᠱᠠᠳᠤ᠃
ᠮᠤᠩᠭ᠋ᠤᠯ ᠭᠡᠯᠡ ᠊᠊᠊᠊᠊᠊᠊᠊᠊᠊᠊᠊᠊᠊᠊ ᠮᠢᠨᠤ ᠰᠤᠶᠤᠯ ᠡ︕
ᠬᠠᠶᠢᠭ᠄ ᠰᠢᠠᠵᠢᠶᠠᠩ ᠬᠤᠪᠣᠭᠰᠠᠢ᠌ᠷᠢ ᠰᠢᠶᠠᠨ
ᠵᠤᠬᠢᠶᠠᠭᠴᠢ᠄ ᠴᠦ᠋᠊·ᠪᠣᠯᠤᠳᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2009 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ