ᠨᠡᠪᠲᠡᠷᠡᠨ ᠤᠷᠤᠬᠤ
ᠰᠥᠷᠦᠭ᠌ ᠳᠠᠭᠢᠶᠠᠤᠨ

ᠡᠷᠦᠭᠡᠨ ᠤ ᠰᠠᠷᠠᠪᠴᠢᠨ ᠳ᠋ᠤ

ᠥᠭᠡᠭᠦᠯᠡᠵᠤ ᠬᠤᠨᠤᠭᠰᠠᠨ ᠴᠠᠰᠤ

ᠡᠳᠦᠷ ᠤᠨ ᠨᠠᠷᠠᠨ ᠳᠤ

ᠬᠠᠢ᠌ᠬᠠᠢ᠌ᠯᠠᠵᠤ ᠢᠷᠡᠭᠡᠳ ᠰᠠᠮᠰᠠᠷᠠᠨ᠎ᠠ

ᠥᠩᠭᠡᠳᠤ ᠰᠤᠪᠣᠤᠨ

ᠭᠡᠯᠭᠢᠶ᠎ᠡ ᠳᠠᠰᠤᠳᠠᠭᠰᠠᠨ ᠠᠳᠠᠯᠢ

ᠡᠭᠦᠳᠡᠨ ᠳᠡᠭᠡᠭᠦᠷ

ᠭᠢᠯᠠᠰᠤᠭ᠎ᠠ ᠳᠠᠳᠠᠭᠠᠤᠨ ᠳᠤᠰᠤᠯᠠᠨ᠎ᠠ

ᠬᠤᠭ ᠮᠠᠯᠳᠠᠭᠠᠤᠨ

ᠣᠯᠤᠭᠰᠠᠨ ᠱᠢᠷᠤ ᠳᠡᠭᠡᠨ ᠬᠠᠷᠠᠮᠰᠠᠨ

ᠭᠦᠮᠤᠨ ᠢ ᠴᠠᠭᠠᠰᠢ ᠪᠠᠨ

ᠣᠰᠤᠨ ᠳᠡᠨᠡᠭ᠌ ᠶᠢᠡᠷ ᠡᠯᠡᠭᠯᠡᠭᠦ

ᠰᠥᠷᠦᠭ᠌ ᠳᠠᠭᠢᠶᠠᠤᠨ

ᠳᠠᠷᠠ ᠴᠢᠮᠡᠭᠡ ᠪᠠᠷ ᠫᠦᠷᠴᠢᠭᠢᠨᠡᠯᠳᠤᠨ

ᠰᠥᠭᠡᠮ ᠭᠠᠵᠠᠷ ᠢ

ᠭᠤᠤ ᠭᠠᠷᠳᠠᠯ᠎ᠠ ᠮᠠᠯᠳᠠᠵᠠᠭᠠᠨ᠎ᠠ

ᠴᠠᠰᠤᠨ ᠴᠤᠭᠤᠴᠢᠬᠤ

ᠨᠠᠷᠠᠨ ᠤ ᠭᠡᠳᠡᠭᠡ ᠭᠦᠷᠴᠤ

ᠴᠠᠷᠠᠭ᠎ᠠ ᠳᠠᠳᠠᠭᠠᠤᠨ

ᠣᠰᠤᠨ ᠤ ᠳᠤᠰᠤᠯ ᠢᠨᠢᠶᠠᠨ᠎ᠠ

ᠴᠠᠭᠠᠨ᠎ᠠ ᠪᠠᠨ ᠨᠢᠭᠡ ᠯᠠ

ᠭᠦᠡᠳᠡᠢ ᠬᠠᠤᠭᠢᠭᠤᠯᠤᠭᠠᠤᠨ ᠪᠣᠴᠠᠨ

ᠴᠠᠭ ᠡᠴᠡ ᠬᠠᠶᠠᠭᠳᠠᠭᠰᠠᠨ

ᠳᠡᠷᠭᠡᠨ ᠶᠠᠰᠢᠩ ᠳ᠋ᠤ ᠪᠠᠷᠪᠠᠢ᠌ᠵᠡᠭᠡᠨ᠎ᠡ

ᠦᠳᠡ ᠶᠢᠨ ᠴᠠᠰᠤᠨ ᠤ

ᠰᠡᠭᠦᠳᠡᠷ ᠴᠠᠩᠳᠤᠭᠰᠠᠨ ᠵᠢᠩ ᠳᠤ

ᠦᠳᠦ ᠪᠠᠨ ᠥᠷᠪᠦᠯᠭᠡᠨ

ᠥᠷᠦᠭᠡᠰᠤᠨ ᠭᠦᠯ ᠶᠢᠡᠷ ᠳᠡᠭᠡᠢ᠌ᠵᠤ

ᠡᠭᠦᠳᠡᠨ ᠣᠷᠤᠭᠤ

ᠭᠤᠷᠤᠩ ᠭᠤᠷᠤᠩ ᠬᠠᠷᠠᠬᠤ ᠶᠢ ᠨᠢ

ᠡᠳᠦᠷ ᠤᠨ ᠨᠠᠷᠠᠨ

ᠳᠤᠰᠤᠩ ᠳᠤᠰᠤᠩ ᠶᠢᠡᠷ ᠬᠠᠷᠢᠭᠤᠯᠤᠨ᠎ᠠ

ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2009 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ