☆ ᠢ᠊·ᠪᠠᠶᠠᠷ
ᠠᠷᠪᠠᠨ ᠨᠢ᠋ᠮᠠᠨ ᠨᠠᠰᠤᠨ ᠤ ᠠᠩᠭᠢᠷᠬᠠᠨ ᠳᠤᠷᠠᠯᠠᠯ
ᠬᠠᠷᠠᠴᠠ ᠠᠷᠭᠠᠳᠠᠨ ᠠᠰᠬᠠᠷᠠᠬᠤ ᠴᠢᠨᠤᠭᠢ
ᠰᠢᠷᠭᠠᠯᠬᠠᠨ ᠰᠡᠪᠠᠯᠭᠡ ᠳᠤᠶᠠᠭᠠᠷᠠᠨ᠎ᠠ
ᠬᠠᠢ᠌ᠷ᠎ᠠ ᠭᠡᠳᠡᠭᠡᠯᠡᠨ ᠠᠷᠭᠠᠮᠵᠢᠬᠤ ᠴᠢᠨᠤᠭᠢ
ᠣᠶᠠᠬᠠᠨ ᠮᠦᠰᠢᠶᠠᠳᠤ ᠳᠤᠶᠠᠭᠠᠷᠠᠨ᠎ᠠ
ᠵᠡᠭᠦᠳᠤᠨ ᠳᠤ ᠵᠥᠩᠳᠡᠭᠡᠨ ᠵᠥᠰᠡᠷᠡᠭᠦ ᠴᠢᠨᠤᠭᠢ
ᠳᠤᠶᠠᠬᠠᠨ ᠭᠠᠯᠪᠢᠷ ᠭᠠᠩᠬᠤᠨ᠎ᠠ
ᠵᠢᠷᠦᠭᠡᠨ ᠳᠤ ᠵᠥᠩᠳᠡᠭᠡᠨ ᠡᠷᠭᠢᠯᠳᠦᠭᠦ ᠴᠢᠨᠤᠭᠢ
ᠳᠤᠷᠭᠠᠨ ᠨᠤᠭᠢᠯᠤᠯ ᠪᠦᠵᠢᠨ᠎ᠡ᠃
ᠰᠡᠮᠡᠷᠡᠭ᠍ᠰᠡᠨ ᠳᠠᠪᠠᠯ ᠢ ᠭᠠᠩᠭ᠋ᠠᠯᠠᠵᠤ ᠡᠮᠵᠢᠶᠡᠷᠢᠯᠡᠭ᠍ᠰᠡᠨ
ᠰᠠᠨᠠᠭ᠎ᠠ ᠠᠩᠭᠢᠷᠬᠠᠨ ᠣᠷᠠᠨ ᠪᠦᠰᠡᠭᠦᠢ
ᠰᠠᠯᠪᠠᠷᠠᠭᠰᠠᠨ ᠵᠢᠷᠦᠭᠡ ᠶᠢ ᠭᠠᠩᠨᠠᠵᠤ ᠠᠨᠠᠭᠠᠭᠰᠠᠨ
ᠰᠠᠨᠠᠭ᠎ᠠ ᠠᠷᠢᠭᠤᠬᠠᠨ ᠬᠠᠢ᠌ᠷ᠎ᠠ ᠶᠢᠨ ᠭᠤᠤᠯ
ᠡᠮᠨᠢᠭ᠌ ᠬᠠᠢ᠌ᠷ᠎ᠠ ᠶᠢ ᠡᠩᠭᠡᠷ ᠲᠡᠭᠡᠨ ᠪᠦᠪᠠᠢ᠌ᠯᠡᠭ᠍ᠰᠡᠨ
ᠡᠵᠢ ᠶᠢᠨ ᠪᠦᠪᠠᠢ ᠲᠡᠶ ᠰᠢᠷᠭᠠᠯᠬᠠᠨ ᠠᠶᠠᠯᠭᠤ
ᠦᠨᠦᠴᠢᠨ ᠵᠠᠪᠢ ᠶᠢ ᠡᠷᠭᠢᠨ ᠳᠡᠭᠡᠨ ᠬᠤᠷᠭᠤᠭᠠᠭᠰᠠᠨ
ᠦᠨᠡᠠᠴᠢ ᠳᠤᠷᠠᠯᠠᠯ ᠤᠨ ᠳᠤᠯᠠᠭᠠᠨ ᠵᠤᠰᠠᠭᠠᠯ
ᠥᠶᠡᠷᠭᠡᠵᠤ ᠪᠣᠯᠬᠤ ᠡᠴᠡ ᠪᠢᠰᠢ
ᠥᠮᠴᠢᠷᠭᠡᠵᠤ ᠪᠣᠯᠬᠤ ᠦᠭᠡᠶ ᠠᠷᠢᠭᠤᠨ ᠳᠤᠷᠠᠯᠠᠯ
ᠬᠠᠢ᠌ᠷᠠᠯᠠᠵᠤ ᠪᠣᠯᠬᠤ ᠡᠴᠡ ᠪᠢᠰᠢ
ᠬᠠᠷᠠᠮᠨᠠᠵᠤ ᠪᠣᠯᠬᠤ ᠦᠭᠡᠶ ᠡᠮᠵᠡᠭ᠌ ᠬᠠᠢ᠌ᠷ᠎ᠠ
ᠣᠷᠳᠤ ᠡᠴᠡ ᠣᠷᠳᠤ ᠵᠡᠭᠦᠳᠦᠯᠡᠵᠤ ᠵᠢᠷᠭᠠᠬᠤ
ᠰᠡᠷᠡᠭᠦᠢ ᠶᠢᠨ ᠡᠮᠢᠶᠡᠯ
ᠣᠯᠠᠮ ᠡᠴᠡ ᠣᠯᠠᠮ ᠣᠴᠢᠷᠯᠠᠵᠤ ᠨᠠᠢ᠌ᠷᠠᠬᠤ
ᠳᠠᠭᠤᠯᠠᠬᠤᠢ ᠶᠢᠨ ᠨᠤᠲ᠋
ᠴᠢᠮ᠎ᠠ ᠶᠢ ᠭᠡᠭᠦ ᠡᠴᠡ
ᠴᠡᠩᠭᠡᠷ ᠳᠡᠭ᠍ᠷᠢ ᠣᠳᠤᠳ ᠤᠨ ᠨᠢᠯᠪᠣᠰᠤ ᠪᠠᠷ ᠠᠰᠬᠠᠷᠠᠨ᠎ᠠ
ᠴᠢᠮ᠎ᠠ ᠶᠢ ᠭᠡᠭᠦ ᠡᠴᠡ
ᠴᠭᠡᠯ ᠤᠨ ᠣᠰᠤᠨ ᠡᠷᠭᠢ ᠪᠠᠨ ᠦᠨᠦᠰᠤᠨ ᠴᠠᠯᠭᠢᠨ᠎ᠠ
ᠨᠠᠮᠤᠷ ᠤᠨ ᠪᠦᠷᠦᠢ ᠪᠠᠷ ᠨᠠᠯᠠᠯᠴᠠᠵᠤ ᠵᠢᠷᠭᠠᠭᠰᠠᠨ
ᠨᠠᠪᠴᠢᠰ ᠲᠡᠶ ᠵᠥᠷᠢᠭ᠌ ᠵᠤᠷᠠᠢ᠌ᠨᠠ
ᠮᠠᠨᠠᠩᠳᠤ ᠦᠷ ᠶᠢᠡᠷ ᠭᠦᠳᠦᠯᠦᠯᠴᠡᠵᠤ ᠳᠠᠭᠤᠯᠠᠭᠰᠠᠨ
ᠪᠣᠯᠵᠤᠭ᠎ᠠ ᠲᠡᠶ ᠰᠢᠭᠤᠢ ᠢᠰᠭᠡᠷᠦᠨ᠎ᠡ
ᠰᠠᠨᠠᠬᠤ ᠶᠢᠨ ᠳᠤᠭᠠᠯᠠᠩ ᠳᠤ ᠰᠠᠷ᠎ᠠ ᠡᠳᠦᠷ
ᠨᠢᠯᠪᠣᠰᠤᠨ ᠳ᠋ᠤ ᠲ᠋ᠠᠪᠳᠤᠨ ᠣᠷᠤᠰᠤᠨ᠎ᠠ
ᠭᠠᠵᠠᠷ ᠨᠤᠷᠠᠵᠤ ᠭᠠᠯᠪᠠ ᠶᠡᠭᠦᠷᠡᠭ᠍ᠰᠡᠨ ᠴᠤ
ᠭᠠᠭᠴᠠᠬᠠᠨ ᠴᠢ ᠮᠢᠨᠢ ᠡᠷᠢᠭ᠍ᠳᠡᠨ᠎ᠡ ᠁
ᠵᠤᠬᠢᠶᠠᠭᠴᠢ ᠶᠢᠨ ᠬᠠᠶᠢᠭ ᠄ ᠵᠠᠯᠠᠢ᠌ᠳ ᠬᠤᠰᠢᠭᠤ
ᠵᠤᠬᠢᠶᠠᠭᠴᠢ᠄ ᠢ᠊·ᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 03 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ