ᠨᠡᠪᠲᠡᠷᠡᠨ ᠤᠷᠤᠬᠤ
ᠪᠣᠷᠤᠳᠤ ᠶᠢᠨ ᠭᠤᠷᠪᠠᠨ ᠱᠤᠪᠣᠭᠤᠷ
(ᠰᠤᠯᠠ ᠳᠦᠷᠦᠭ᠍ᠳᠡᠯ)

ᠪᠠᠯᠴᠢᠷ ᠪᠠᠭ᠎ᠠ ᠳᠠᠭᠠᠨ ᠡᠯᠢᠭᠡᠳᠡᠨ ᠮᠥᠯᠭᠦᠵᠤ᠂ ᠡᠷᠭᠡᠯᠡᠨ ᠨᠠᠭᠠᠳᠤᠳᠠᠭ ᠭᠠᠵᠠᠷ ᠪᠣᠷᠤᠳᠤ ᠶᠢᠨ ᠭᠤᠷᠪᠠᠨ ᠱᠤᠪᠣᠭᠤᠷ ᠮᠢᠨᠢ ᠥᠭᠡᠯᠡᠳ ᠨᠤᠳᠤᠭ ᠤᠨ ᠶᠢᠡᠨ ᠲᠦᠪ ᠭᠦᠢᠰᠤ ᠨᠢ ᠪᠣᠯᠵᠤ᠂ ᠰᠢᠯᠢ ᠶᠢᠨ ᠰᠠᠢ᠌ᠬᠠᠨ ᠪᠠᠯᠴᠢᠭᠡᠷ ᠶᠢᠡᠨ ᠣᠭᠢ ᠰᠢᠮᠡᠯᠢᠭ᠌ ᠶᠢᠡᠷ ᠨᠢ ᠬᠠᠳᠠᠭᠠᠯᠠᠨ ᠣᠠᠴᠠ ᠨᠤᠭᠤᠭᠠᠨ ᠶᠢᠡᠷ ᠰᠡᠭᠦᠢᠨ ᠰᠦᠨᠳᠠᠷᠯᠠᠨ᠎ᠠ᠃

ᠨᠠᠮᠢ᠋ᠢ ᠪᠠᠭ᠎ᠠ ᠰᠤᠷᠭᠠᠭᠤᠯᠢ ᠳᠤ ᠣᠷᠤᠬᠤ ᠳᠤ ᠡᠵᠢ ᠮᠢᠨᠢ ᠥᠭᠡᠷ ᠳᠡᠷᠭᠡ ᠭᠦᠳᠦᠯᠤᠨ ᠬᠤᠷᠰᠢᠶᠠᠨ ᠳᠤ ᠬᠤᠳᠠᠯᠳᠤᠬᠤ ᠪᠠᠷ ᠳᠡᠭᠦᠭᠦᠭ᠍ᠰᠡᠨ ᠮᠣᠢ᠌ᠯ ᠦᠷᠢᠯ ᠶᠢᠡᠨ ᠳᠡᠭᠡᠭᠡᠤᠨ 《ᠳᠤᠯᠤᠭᠠᠨ ᠦᠷᠢᠯ》 (ᠣᠳᠤ ᠶᠢᠨ ᠢᠮᠢᠨ ᠨᠡᠭᠦᠷᠡᠰᠤ ᠴᠠᠭᠢᠯᠭᠠᠨ ᠤ ᠺᠤᠮᠫᠠᠨᠢ ᠪᠠᠢ᠌ᠭ᠎ᠠ ᠭᠠᠵᠠᠷ) ᠡᠴᠡ 《ᠣᠯᠠᠭᠠᠨ ᠰᠤᠷᠭᠠᠭᠤᠯᠢ》 ᠳᠤ ᠭᠦᠷᠭᠡᠵᠤ ᠪᠢᠯᠠ᠃

ᠥᠭᠡᠷ ᠳᠡᠷᠭᠡᠨ ᠤ ᠠᠭᠠᠵᠢᠭᠤ ᠠᠯᠬᠤᠭ᠎ᠠ ᠪᠠᠷ ᠶᠠᠪᠣᠭᠰᠠᠭᠠᠷ ᠪᠠᠢ᠌ᠵᠤ᠂ ᠣᠢ᠌ᠮᠤ ᠶᠢᠨ ᠵᠢᠯᠠᠭ᠎ᠠ ᠭᠦᠷᠴᠤ ᠪᠣᠷᠤᠳᠤ ᠶᠢᠨ ᠭᠤᠷᠪᠠᠨ ᠱᠤᠪᠣᠭᠤᠷ ᠥᠭᠡᠳᠡ ᠥᠭ᠍ᠰᠦᠪᠡ᠃ ᠭᠦᠯᠡᠯᠭᠡ ᠱᠠᠷ ᠤᠳ ᠬᠠᠯᠠᠭᠤᠨ ᠳᠤ ᠱᠤᠤᠭᠢᠨᠠᠨ ᠬᠠᠱᠠᠩᠳᠠᠵᠤ᠂ ᠠᠮᠠᠨ ᠡᠴᠡ ᠪᠠᠨ ᠭᠦᠭᠡᠰᠤ ᠴᠠᠬᠠᠷᠠᠭᠤᠯᠤᠨ 70 ᠊ᠭ᠍ᠷᠡᠳᠦ᠋ᠰ ᠤᠨ ᠡᠭ᠍ᠴᠡ ᠪᠣᠷᠤᠳᠤ ᠶᠢᠨ ᠭᠤᠷᠪᠠᠨ ᠱᠤᠪᠣᠭᠤᠷ ᠥᠭᠡᠳᠡ ᠠᠷᠠᠢ ᠠᠯᠬᠤᠯᠠᠨ᠎ᠠ᠃ ᠴᠥᠷᠭᠦᠨ ᠤ ᠱᠠᠷ ᠤᠳ ᠳᠡᠷᠭᠡᠨ ᠤ ᠠᠷᠠᠯ ᠳᠠᠷᠤᠵᠤ ᠣᠨᠠᠬᠤ ᠮᠠᠳᠤ ᠪᠠᠷ ᠰᠢᠭᠢᠷᠠᠯᠠᠨ᠎ᠠ᠃

ᠡᠵᠢ᠂ ᠪᠢᠳᠠᠨ ᠢ ᠳᠡᠷᠭᠡᠨ ᠡᠴᠡ ᠪᠠᠭᠤᠯᠭᠠᠨ᠂ ᠪᠣᠷᠭᠠᠰᠤ ᠪᠠᠷᠢᠭᠤᠯᠤᠨ ᠴᠥᠷᠭᠦᠨ ᠱᠠᠷ ᠤᠳ ᠢ ᠰᠢᠪᠬᠠᠳᠠᠨ ᠭᠦᠴᠦᠯᠡᠭᠦᠯᠪᠡ᠃ ᠪᠢᠳᠠ ᠪᠠᠷᠤᠭ ᠴᠠᠭ ᠰᠢᠬᠠᠮ ᠵᠢᠦᠡᠭᠦᠭᠦᠯᠵᠤ ᠠᠷᠠᠢ ᠦᠨᠳᠦᠷ ᠣᠷᠤᠢ ᠳᠡᠭᠡᠷ᠎ᠡ ᠨᠢ ᠭᠠᠷᠤᠯ᠎ᠠ᠃ ᠡᠵᠢ᠂ ᠠᠴᠢᠶ᠎ᠠ ᠭᠦᠰᠭᠡ ᠪᠠᠨ ᠪᠠᠭᠤᠯᠭᠠᠵᠤ ᠱᠠᠷ ᠤᠳ ᠶᠢᠡᠨ ᠠᠮᠠᠷᠠᠭᠤᠯᠬᠤ ᠵᠠᠭᠤᠷ᠎ᠠ᠂ ᠪᠢᠳᠠ ᠦᠨᠳᠦᠷ ᠣᠷᠤᠢ ᠳᠡᠭᠡᠷ᠎ᠡ ᠵᠤᠭᠰᠤᠨ ᠥᠵᠡᠰᠭᠦᠯᠡᠩᠳᠤ ᠰᠠᠢ᠌ᠬᠠᠨ ᠨᠤᠳᠤᠭ ᠤᠨ ᠶᠢᠡᠨ ᠠᠭᠤᠯᠠ ᠣᠰᠤ ᠶᠢ ᠪᠠᠷᠠᠯᠠᠨ ᠳᠤᠳᠤᠷ ᠮᠠᠰᠢ ᠪᠠᠶᠠᠰᠤᠨ ᠭᠦᠭ᠍ᠰᠡᠵᠤ᠂ ᠡᠵᠢ ᠡᠴᠡ ᠡᠨᠡ ᠳᠠᠷᠠ ᠶᠢ ᠠᠰᠠᠭᠤᠨ᠎ᠠ᠃ ᠳᠦᠩᠭᠡᠵᠢ ᠯᠠ ᠣᠬᠠᠭᠠᠨ ᠣᠷᠤᠵᠤ ᠪᠠᠢ᠌ᠭ᠎ᠠ ᠪᠠᠯᠴᠢᠷ ᠨᠠᠳᠠ ᠳᠤ ᠡᠵᠢ ᠮᠢᠨᠢ ᠣᠯᠠᠨ ᠵᠣᠢ᠌ᠯ ᠢ ᠣᠬᠠᠭᠠᠷᠠᠭᠤᠯᠤᠨ ᠶᠠᠷᠢᠵᠤ ᠪᠠᠢ᠌ᠯ᠎ᠠ᠃

᠊᠊᠊᠊᠊᠊᠊᠊᠊᠊᠊᠊᠊᠊᠊ ᠭᠦᠤ ᠮᠢᠨᠢ᠂ ᠴᠢ ᠣᠳᠤ ᠰᠤᠷᠭᠠᠭᠤᠯᠢ ᠳᠤ ᠣᠷᠤᠯ᠎ᠠ᠂ ᠬᠤᠭᠤᠰᠤᠨ ᠨᠠᠭᠠᠤᠠᠴᠤ ᠪᠣᠯᠬᠤ ᠦᠭᠡᠶ ᠰᠢᠤ᠃ ᠪᠢᠴᠢᠭ᠌ ᠰᠤᠷᠬᠤ ᠳᠤ ᠪᠣᠷᠤᠳᠤ ᠶᠢᠨ ᠭᠤᠷᠪᠠᠨ ᠱᠤᠪᠣᠭᠤᠷ ᠰᠢᠭ᠌ ᠣᠯᠠᠨ ᠳᠠᠪᠠᠭ᠎ᠠ ᠪᠠᠢ᠌ᠨ᠎ᠠ᠃ ᠶᠡᠭᠡᠭᠡᠨ ᠭᠦᠴᠤ ᠭᠦᠯᠦᠰᠤ ᠭᠠᠷᠭᠠᠬᠤ ᠭᠡᠷᠡᠭ᠍ᠳᠡᠢ ᠳ᠋ᠠ᠃ ᠰᠠᠢ᠌ᠨ ᠰᠤᠷᠤᠭᠠᠤᠨ ᠡᠷᠳᠡᠮ ᠤᠨ ᠣᠯᠠᠨ ᠳᠠᠪᠠᠭ᠎ᠠ ᠶᠢ ᠳᠠᠪᠠᠵᠤ ᠴᠢᠳᠠᠪᠠᠯ᠂ ᠦᠨᠦᠳᠤᠷ ᠤᠨ ᠭᠢ ᠡᠴᠡ ᠬᠤᠯᠠ ᠭᠤᠶᠤ ᠰᠠᠢ᠌ᠨ ᠰᠠᠢ᠌ᠬᠠᠨ ᠶᠠᠭᠤᠮ᠎ᠠ ᠶᠢ ᠥᠵᠡᠭᠦ ᠪᠣᠯᠤᠨ᠎ᠠ᠃ ᠡᠳᠡᠭᠡᠷ ᠬᠠᠱᠠᠩᠳᠠᠵᠤ ᠪᠠᠢ᠌ᠭᠰᠠᠨ ᠱᠠᠷ ᠤᠳ ᠠᠳᠠᠯᠢ 《ᠴᠥᠷᠭᠦ ᠳᠠᠳᠠᠨ ᠠᠷᠠᠯ ᠳᠠᠷᠤᠵᠤ ᠣᠨᠠᠪᠠᠯ》 ᠶᠠᠮᠠᠷ ᠴᠤ ᠮᠡᠳᠡᠯᠭᠡ ᠣᠯᠵᠤ ᠰᠤᠷᠬᠤ ᠦᠭᠡᠶ᠂ ᠮᠡᠳᠡᠯᠭᠡ ᠴᠢᠳᠠᠯ ᠦᠭᠡᠶ ᠭᠦᠮᠤᠨ ᠪᠣᠯᠵᠤ ᠣᠯᠠᠨ ᠤ ᠳᠤᠭᠤᠭᠢ ᠪᠣᠯᠤᠨ᠎ᠠ᠃ ᠮᠠᠨ ᠤ ᠥᠭᠡᠯᠡᠳ ᠲᠤ ᠄ 《ᠨᠤᠬᠠᠢ ᠶᠢᠨ ᠭᠦᠯᠦᠭᠡ ᠶᠢ ᠭᠡᠷ ᠤᠨ ᠣᠷᠤᠢ ᠳᠡᠭᠡᠷ᠎ᠡ ᠭᠠᠷᠭᠠᠪᠠᠯ ᠳᠤᠭᠤᠭᠰᠢ ᠪᠠᠭᠤᠨ᠎ᠠ ᠭᠡᠵᠤ ᠭᠠᠰᠠᠯᠤᠨ᠎ᠠ᠂ ᠰᠢᠪᠠᠭᠤ ᠶᠢᠨ ᠳᠡᠭ᠍ᠳᠡᠭᠡᠭᠡᠢ ᠶᠢ ᠨᠥᠭᠡᠨ ᠳᠤᠳᠤᠷ᠎ᠠ ᠭᠢᠭᠦ ᠳᠤ ᠳᠡᠭᠡᠭ᠍ᠰᠢ ᠨᠢᠰᠤᠨ᠎ᠠ ᠭᠡᠵᠤ ᠳᠠᠷᠪᠠᠨ᠎ᠠ》 ᠭᠡᠳᠡᠭ᠌ ᠮᠡᠷᠭᠡᠨ ᠥᠭᠡ ᠪᠠᠢ᠌ᠳᠠᠭ ᠶᠤᠮ᠃ ᠭᠦᠤ ᠮᠢᠨᠢ ᠰᠠᠢ᠌ᠨ ᠴᠡᠭᠡᠵᠢᠯᠡᠵᠤ ᠶᠠᠪᠣᠭᠠᠷᠠᠢ ᠭᠡᠵᠤ ᠵᠠᠭᠢᠭᠰᠠᠨ ᠢ ᠪᠢ ᠣᠳᠤ ᠭᠦᠷᠳᠡᠯ᠎ᠡ ᠴᠡᠭᠡᠵᠢᠯᠡᠵᠤ ᠪᠠᠢ᠌ᠨ᠎ᠠ᠁

ᠪᠣᠷᠤᠳᠤ ᠶᠢᠨ ᠭᠤᠷᠪᠠᠨ ᠱᠤᠪᠣᠭᠤᠷ᠂ ᠨᠢᠯᠬ᠎ᠠ ᠪᠠᠯᠴᠢᠷ ᠣᠬᠠᠭᠠᠨ ᠢ ᠮᠢᠨᠢ ᠨᠡᠭᠡᠭᠡᠵᠤ ᠰᠡᠩᠭᠡᠷᠡᠭᠦᠯᠦᠭ᠍ᠰᠡᠨ ᠭᠠᠵᠠᠷ ᠡ ︕

ᠳᠡᠭᠡᠷ᠎ᠡ ᠵᠠᠭᠤᠨ ᠤ ᠵᠢᠷᠠᠭᠠᠤᠨ ᠣᠨ ᠤ ᠡᠭᠢ ᠪᠠᠷ ᠠᠪᠣ ᠨᠢᠭᠡᠳᠦᠯ ᠤᠨ ᠠᠩᠬᠠᠳᠤᠭᠴᠢ ᠳᠷᠠᠺᠲ᠋ᠤᠷ ᠤᠨ ᠵᠢᠯᠤᠭᠤᠴᠢ ᠪᠠᠷ ᠣᠷᠢᠭᠳᠠᠨ᠂ ᠰᠢᠨ᠎ᠠ ᠳᠷᠠᠺᠲ᠋ᠤᠷ ᠶᠢᠡᠨ ᠪᠣᠷᠤᠳᠤ ᠶᠢᠨ ᠭᠤᠷᠪᠠᠨ ᠱᠤᠪᠣᠭᠤᠷ ᠶᠢᠡᠷ ᠳᠤᠭᠤᠰᠤ ᠮᠠᠨᠠᠷᠠᠭᠤᠯᠤᠨ ᠵᠢᠯᠤᠭᠤᠤᠠᠴᠤ ᠠᠪᠴᠢᠷᠠᠭᠰᠠᠨ ᠪᠠᠢ᠌ᠯ᠎ᠠ᠃ ᠰᠢᠷ᠎ᠠ ᠭᠦᠷᠳᠤ ᠲᠡᠶ ᠨᠤᠭᠤᠭᠠᠨ ᠪᠠᠶ᠎ᠠ ᠲᠡᠶ ᠳᠷᠠᠺᠲ᠋ᠤᠷ ᠢ ᠨᠢ ᠨᠤᠳᠤᠭ ᠤᠨ ᠣᠯᠠᠨ ᠰᠤᠨᠢᠷᠬᠠᠨ ᠴᠢᠷᠦᠭᠦᠯ ᠳᠡᠷᠭᠡᠨ ᠳ᠋ᠤᠨᠢ ᠪᠣᠯᠢᠶᠠᠯᠳᠤᠨ ᠭᠠᠷᠬᠤ ᠳᠤ ᠠᠪᠣ ᠭᠡᠦᠭᠡᠤᠨ ᠡᠷᠭᠡᠯᠡᠭᠦᠯᠵᠤ ᠪᠠᠢ᠌ᠬᠤ ᠰᠢᠭ ᠪᠠᠢ᠌ᠨ ᠳᠠᠭᠢᠨ ᠪᠣᠷᠤᠳᠤ ᠶᠢᠨ ᠭᠤᠷᠪᠠᠨ ᠱᠤᠪᠣᠭᠤᠷ ᠶᠢᠡᠷ ᠳᠤᠭᠤᠷᠢᠨ ᠢᠷᠠᠵᠤ ᠪᠠᠢ᠌ᠯ᠎ᠠ᠃ ᠨᠤᠳᠤᠭ ᠤᠨ ᠣᠯᠠᠨ᠄ 《᠁ ᠶᠠᠮᠠᠷ ᠠᠢ᠌ᠬᠤᠪᠳᠤᠷ ᠶᠠᠭᠤᠮ᠎ᠠ ᠪᠣᠢ ᠭᠦᠢ︖ ᠪᠣᠷᠤᠳᠤ ᠶᠢᠨ ᠭᠤᠷᠪᠠᠨ ᠱᠤᠪᠣᠭᠤᠷ ᠢ ᠮᠤᠷᠢᠨ ᠤ ᠴᠤᠭᠭᠢᠶ᠎ᠠ ᠪᠠᠷ ᠳᠠᠪᠭᠢᠭᠤᠯᠤᠭᠠᠤᠨ ᠭᠠᠷᠤᠨ᠎ᠠ᠂ ᠮᠦᠨ ᠴᠤ ᠭᠦᠴᠤ ᠲᠡᠶ ᠮᠥᠷᠳᠡᠭᠡᠨ ᠬᠤᠷᠳᠤᠨ ᠶᠠᠭᠤᠮ᠎ᠠ ᠪᠠᠢ᠌ᠨ᠎ᠠ᠂᠂》 ᠭᠡᠭᠦ ᠮᠠᠳᠤ ᠪᠠᠷ ᠮᠠᠰᠢᠨ ᠮᠸᠬᠠᠨᠢᠭ ᠲᠡᠶ ᠰᠠ‍ᠶᠢ ᠯᠠ ᠳᠠᠨᠢᠯᠴᠠᠵᠤ᠂ ᠲᠤᠩ ᠰᠤᠨᠢᠨ ᠶᠠᠭᠤᠮ᠎ᠠ ᠭᠦᠭᠡᠷᠦᠯᠳᠦᠨ᠎ᠡ᠁

ᠭᠡᠳᠤᠨ ᠵᠢᠯ ᠤᠨ ᠳᠠᠷᠠᠭ᠎ᠠ 《ᠰᠤᠶᠤᠯ ᠤᠨ ᠬᠤᠪᠢᠰᠬᠠᠯ》 ᠤᠨ ᠭᠠᠮᠰᠢᠭ ᠪᠣᠯᠵᠤ 《ᠰᠢᠳᠦᠭᠡᠨ ᠵᠢᠯᠤᠭᠤᠴᠢ》 ᠠᠪᠣ ᠮᠢᠨᠢ 《ᠴᠢᠦᠡᠭᠦᠷ》 ᠪᠣᠯᠵᠤ᠂ ᠬᠤᠷᠢᠭᠤᠯ ᠳᠤ ᠣᠷᠤᠵᠤ᠂ ᠭᠢᠯᠢᠰ ᠭᠦᠵᠢᠷ ᠳᠠᠮᠤ ᠳᠤ ᠣᠨᠠᠯ᠎ᠠ᠁ 1968 ᠣᠨ ᠳᠤ 《ᠠᠪᠣ ᠭᠦᠳᠡᠯᠮᠦᠷᠢ ᠪᠠᠷ ᠥᠭᠡᠷᠡᠴᠢᠯᠡᠭ᠍ᠳᠡᠵᠤ》 ᠪᠠᠢ᠌ᠬᠤ ᠳᠠᠭᠠᠨ ᠪᠣᠷᠤᠳᠤ ᠶᠢᠨ ᠭᠤᠷᠪᠠᠨ ᠱᠤᠪᠣᠭᠤᠷ ᠤᠨ ᠵᠠᠮ ᠳᠡᠭᠡᠷ᠎ᠡ ᠡᠴᠡ ᠪᠣᠰᠤᠳ ᠤᠨ ᠭᠡᠭᠡᠭ᠍ᠰᠡᠨ ᠨᠢᠭᠡᠨ ᠪᠣᠭᠤᠳᠠᠯ ᠢ ᠣᠯᠤᠭᠰᠠᠨ ᠭᠡᠨ᠎ᠡ᠃ ᠪᠣᠭᠤᠳᠠᠯ ᠳᠤᠳᠤᠷ ᠨᠢ ᠵᠤᠭᠤᠰ᠂ ᠠᠮᠤ ᠪᠣᠳᠠᠭᠠᠨ ᠤ ᠳᠠᠪᠳᠠᠷ᠂ ᠪᠦᠰ ᠪᠠᠷᠠᠭ᠎ᠠ᠂ ᠰᠢᠭᠢᠷ ᠪᠣᠷᠠᠮ ᠮᠠᠳᠤ ᠶᠢᠨ ᠣᠯᠠᠨ ᠶᠠᠭᠤᠮ᠎ᠠ ᠪᠠᠢ᠌ᠵᠠᠢ᠃ ᠦᠨᠡᠠᠴᠢ ᠴᠠᠭᠠᠪᠣᠷ ᠠᠪᠣ ᠮᠢᠨᠢ᠂ ᠳᠠᠷᠣᠢ᠌ᠬᠠᠨ ᠡᠵᠡᠨ ᠢ ᠨᠢ ᠣᠯᠬᠤ ᠶᠢ ᠪᠣᠳᠤᠵᠤ᠂ ᠨᠢᠭᠡᠳᠦᠯ ᠤᠨ ᠲᠦᠪ ᠲᠤ ᠭᠦᠷᠴᠤ 《ᠬᠤᠪᠢᠰᠬᠠᠯᠴᠢᠳ》 ᠲᠤ ᠳᠤᠰᠢᠶᠠᠭᠠᠤᠨ᠂ ᠡᠰᠡ ᠯᠠ ᠠᠮᠢ ᠪᠠᠨ ᠠᠯᠳᠠᠬᠤ ᠰᠢᠬᠠᠵᠤ ᠪᠢᠯᠠ᠃ ᠵᠡᠷᠭᠡᠯᠡᠳᠡᠭᠡ ᠪᠠᠷᠢᠭᠠᠳᠠ ᠶᠢᠨ ᠨᠠᠮᠳᠠ ᠠᠬ᠎ᠠ᠂ ᠬᠤᠷᠰᠢᠶᠠᠨ ᠳᠤ ᠪᠠᠷᠢᠭᠠᠳᠠ ᠶᠢᠨ ᠬᠤᠨᠢᠨ ᠨᠤᠤᠰᠤ ᠶᠢ ᠭᠦᠷᠭᠡᠭᠡᠤᠨ ᠪᠣᠴᠠᠬᠤ ᠳᠠᠭᠠᠨ ᠪᠣᠭᠤᠳᠠᠯ ᠶᠢᠡᠨ ᠭᠡᠭᠡᠭ᠍ᠰᠡᠨ ᠪᠠᠢ᠌ᠵᠢ᠃ ᠳᠠᠷᠠ᠂ ᠣᠷᠤᠰ ᠭᠠᠷᠤᠯ ᠲᠡᠶ ᠦᠨᠦᠴᠢᠨ ᠭᠦᠮᠤᠨ ᠶᠤᠮ᠃ ᠳᠤᠬᠠᠢ ᠶᠢᠨ ᠵᠢᠯ ᠤᠳ ᠲᠤ 《ᠣᠷᠤᠰ》 ᠯᠠ ᠭᠡᠪᠠᠯ 《ᠳᠠᠢ᠌ᠰᠤᠨ》᠂ 《ᠵᠠᠰᠠᠪᠣᠷᠢᠯᠠᠬᠤ ᠦᠵᠡᠯᠳᠠᠨ ᠲᠡᠶ ᠬᠠᠷᠢᠴᠠᠭ᠎ᠠ ᠬᠤᠯᠪᠣᠭ᠎ᠠ ᠲᠡᠶ》 ᠪᠣᠯᠵᠤ ᠰᠡᠵᠢᠭᠯᠡᠭ᠍ᠳᠡᠵᠤ ᠳᠡᠮᠡᠴᠡᠭ᠍ᠳᠡᠳᠡᠭ᠌᠃ ᠨᠠᠮᠳᠠ ᠠᠬ᠎ᠠ᠂ ᠪᠣᠭᠤᠳᠠᠯ ᠲᠡᠶ ᠶᠠᠭᠤᠮ᠎ᠠ ᠪᠠᠨ ᠪᠣᠯᠭᠤᠮᠵᠢ ᠦᠭᠡᠶ ᠡᠴᠡ ᠭᠡᠭᠡᠭ᠍ᠰᠡᠨ ᠤ ᠳᠠᠷᠠᠭ᠎ᠠ ᠪᠣᠰᠤᠳ ᠲᠤ ᠣᠷᠰᠢᠭ ᠳᠠᠳᠠᠬᠤ ᠡᠴᠡ ᠠᠶᠤᠵᠤ ᠨᠢᠭᠡᠳᠦᠯ ᠤᠨ 《ᠬᠤᠪᠢᠰᠬᠠᠯᠴᠢᠳ》 ᠲᠤ ᠮᠡᠳᠡᠭᠦᠯᠦᠭ᠍ᠰᠡᠨ ᠦᠭᠡᠶ ᠭᠦᠯᠢᠶᠡᠵᠤ ᠪᠠᠢ᠌ᠵᠠᠢ᠃ ᠭᠡᠪᠠᠴᠤ ᠠᠪᠣ ᠶᠢᠨ ᠣᠯᠤᠭᠠᠤᠨ ᠳᠤᠰᠢᠶᠠᠭᠰᠠᠨ ᠠᠮᠤ ᠪᠣᠳᠠᠭᠠᠨ ᠤ ᠳᠠᠪᠳᠠᠷ ᠳᠡᠭᠡᠷᠡᠭᠢ ᠡᠷᠦᠭᠡ ᠶᠢᠨ ᠡᠵᠡᠨ ᠤ ᠨᠠᠷ᠎ᠠ ᠶᠢ ᠨᠠᠮᠳᠠ ᠭᠡᠳᠡᠭ᠌ ᠢ 《ᠬᠤᠪᠢᠰᠬᠠᠯᠴᠢᠳ》 ᠮᠡᠳᠡᠭ᠍ᠰᠡᠨ ᠤ ᠳᠠᠷᠠᠭ᠎ᠠ ᠨᠠᠮᠳᠠ ᠠᠬ᠎ᠠ ᠶᠢ ᠪᠠᠷᠢᠵᠤ ᠬᠤᠷᠢᠭᠰᠠᠨ ᠪᠦᠭᠡᠤᠨ ᠠᠪᠣ ᠶᠢ 《ᠣᠷᠤᠰ ᠭᠦᠮᠤᠨ ᠲᠡᠶ ᠬᠠᠷᠢᠴᠠᠭ᠎ᠠ ᠲᠡᠶ᠂ ᠵᠦᠪᠯᠠᠯᠳᠤ ᠳᠤ ᠳᠤᠳᠠᠭᠠᠬᠤ ᠬᠠᠮᠰᠠᠭᠠᠳᠠᠤᠨ》 ᠭᠡᠮᠡᠨ ᠭᠡᠴᠡᠭᠦᠤ ᠳᠠᠮᠤᠯᠠᠭᠰᠠᠨ ᠪᠠᠢ᠌ᠨ᠎ᠠ᠃ ᠮᠤᠷᠢ ᠣᠨᠤᠭᠰᠠᠨ 《ᠬᠤᠪᠢᠰᠬᠠᠯᠴᠢᠳ》 ᠠᠪᠣ ᠶᠢ ᠶᠠᠪᠠᠭᠠᠨ ᠳᠠᠭᠤᠵᠤ᠂ ᠪᠣᠷᠤᠳᠤ ᠶᠢᠨ ᠭᠤᠷᠪᠠᠨ ᠱᠤᠪᠣᠭᠤᠷ ᠳᠠᠭᠢ ᠶᠠᠭᠤᠮ᠎ᠠ ᠣᠯᠤᠭᠰᠠᠨ ᠭᠠᠵᠠᠷ ᠲᠤ ᠨᠢ ᠠᠪᠠᠴᠢᠵᠤ ᠪᠦᠭᠦᠢᠯᠭᠡᠨ ᠳᠠᠮᠠᠴᠠᠵᠤ᠂ 《ᠭᠡᠷᠡᠭ᠌ ᠢ ᠨᠢ ᠳᠤᠳᠤᠯᠠᠵᠤ》 ᠭᠡᠨ᠎ᠡ᠃ ᠠᠪᠣ ᠶᠠᠷᠤ ᠨᠢ ᠶᠠᠭᠤ ᠴᠤ ᠵᠥᠪᠰᠢᠶᠡᠷᠡᠭ᠍ᠰᠡᠨ ᠦᠭᠡᠶ ᠪᠠᠢ᠌ᠨ᠎ᠠ᠃ 《ᠬᠤᠪᠢᠰᠬᠠᠯᠴᠢᠳ》 ᠠᠰᠠᠭᠤᠨ ᠰᠢᠭᠦᠭᠡᠤᠨ ᠶᠠᠭᠤ ᠴᠤ ᠣᠯᠤᠭᠰᠠᠨ ᠦᠭᠡᠶ ᠳᠡᠭᠡᠨ ᠶᠡᠭᠡᠳᠡ ᠭᠢᠯᠢᠩᠨᠠᠨ᠄ 《ᠣᠷᠤᠰ ᠲᠡᠶ ᠬᠠᠷᠢᠴᠠᠭᠰᠠᠨ ᠶᠢᠡᠨ ᠳᠤᠰᠢᠶᠠ᠂ ᠪᠣᠰᠤᠳ ᠬᠠᠮᠰᠠᠭᠠᠳᠠᠨ ᠶᠢᠡᠨ ᠳᠤᠰᠢᠶᠠ᠂ ᠣᠷᠤᠰ ᠲᠤ ᠣᠷᠭᠤᠨ ᠳᠤᠳᠠᠭᠠᠬᠤ ᠪᠠᠷ ᠬᠤᠯᠪᠣᠭᠠᠯᠠᠭᠰᠠᠨ ᠭᠦᠮᠤᠨ ᠶᠢᠡᠨ ᠳᠤᠰᠢᠶᠠ》 ᠭᠡᠮᠡᠨ ᠴᠢᠰᠤ ᠨᠦᠵᠢ ᠪᠣᠯᠳᠠᠯ᠎ᠠ ᠨᠢ ᠴᠤᠭᠢᠵᠤ ᠥᠴᠢᠭᠯᠡᠭᠦᠯᠭᠦ ᠪᠠᠷ ᠴᠠᠭ ᠭᠠᠷᠤᠢ ᠳᠠᠮᠤᠯᠠᠵᠠᠢ᠃ 《ᠬᠤᠪᠢᠰᠬᠠᠯᠴᠢᠳ》 ᠠᠪᠣ ᠶᠢ ᠳᠠᠮᠠᠴᠠᠨ ᠰᠢᠭᠦᠭᠡᠤᠨ ᠶᠠᠮᠠᠷ ᠴᠤ ᠳᠤᠰᠠ ᠦᠭᠡᠶ ᠳᠤᠯᠠ ᠪᠣᠴᠠᠬᠤ ᠯᠠ ᠪᠣᠯᠵᠠᠢ᠃ ᠳᠠᠳᠠᠨᠤᠰ ᠠᠪᠣ ᠶᠢ ᠶᠠᠪᠠᠭᠠᠨ ᠳᠠᠭᠤᠵᠤ᠂ ᠳᠤᠬᠤ ᠦᠭᠡᠶ ᠳᠤᠭᠰᠢᠷᠠᠵᠤ ᠪᠠᠢ᠌ᠭᠰᠠᠨ ᠨᠢᠭᠡ ᠨᠢ ᠡᠮᠡᠭᠡᠯ ᠤᠨ ᠶᠢᠡᠨ ᠣᠯᠤᠮ ᠶᠢᠡᠨ ᠴᠢᠩᠭ᠋ᠠᠯᠭ᠎ᠠ ᠦᠭᠡᠶ ᠴᠦᠯᠳᠤ ᠮᠤᠷᠳᠠᠭᠠᠤᠨ ᠡᠮᠡᠭᠡᠯ ᠶᠢᠡᠨ ᠭᠦᠯᠪᠠᠷᠢᠭᠦᠯᠵᠤ ᠳᠦᠷᠦᠭᠡᠨ ᠳᠡᠭᠡᠨ ᠴᠢᠷᠦᠭ᠍ᠳᠡᠨ ᠡᠷᠯᠢᠭ᠌ ᠲᠤ ᠣᠤᠠᠬᠤ ᠊ᠭ᠍ᠱᠡᠨ ᠳᠤ᠂ ᠠᠪᠣ ᠨᠠᠤᠠᠬᠤᠨ ᠭᠦᠭᠯᠡᠵᠤ ᠪᠠᠢ᠌ᠭ᠎ᠠ ᠮᠤᠷᠢᠨ ᠤ ᠭᠢᠨᠢ ᠵᠢᠯᠤᠭᠤ ᠶᠢ ᠱᠠᠯᠠᠮᠠᠭᠠᠢ ᠰᠢᠭᠦᠷᠡᠨ ᠠᠪᠴᠤ᠂ ᠨᠢᠭᠡᠨ ᠶᠡᠭᠡ ᠠᠶᠤᠯ ᠢ ᠠᠪᠣᠷᠠᠵᠠᠢ᠃ ᠦᠨᠦᠭᠢ ᠠᠮᠢ ᠪᠠᠨ ᠳᠠᠯᠠᠭᠠᠷ ᠬᠤᠷᠤᠭᠠᠬᠤ ᠰᠢᠬᠠᠭᠰᠠᠨ ᠭᠠᠢ᠌ᠬᠠᠯ ᠶᠡᠭᠡᠳᠡ ᠡᠪ ᠥᠭᠡᠢ᠌ᠳᠡᠵᠤ᠂ ᠪᠠᠭᠠᠬᠠᠨ ᠢᠴᠢᠭ᠍ᠰᠡᠨ ᠪᠣᠯᠤᠯᠳᠠᠢ᠂ ᠢᠨᠢᠶᠠᠵᠤ ᠪᠠᠢ᠌ᠬᠤ ᠴᠤ ᠰᠢᠭ᠂ ᠣᠭᠢᠯᠠᠵᠤ ᠪᠠᠢ᠌ᠬᠤ ᠴᠤ ᠰᠢᠭ᠂ ᠠᠪᠣ ᠳᠤ ᠳᠠᠮᠠᠭᠢ ᠦᠭ‍ᠭᠦᠨ᠎ᠡ᠂ ᠨᠥᠭᠦᠭᠡᠳᠦᠦᠯ ᠨᠢ᠄ 《ᠦᠨᠦᠳᠤᠷ ᠤᠨ ᠣᠴᠢᠷ ᠢ ᠢᠩᠭᠢᠭᠡᠤᠨ ᠪᠣᠯᠭᠠᠴᠢᠬᠠᠶ᠎ᠠ᠃ ᠭᠡᠨ ᠳᠤ ᠴᠤ ᠭᠡᠯᠡᠵᠤ ᠪᠣᠯᠬᠤ ᠦᠭᠡᠶ ᠡᠨ︕ ᠪᠢᠳᠠ ᠪᠠᠰᠠ ᠠᠷᠭ᠎ᠠ ᠦᠭᠡᠶ᠂ ᠮᠠᠤ ᠳᠡᠷᠢᠭᠦᠯᠡᠭ᠍ᠴᠢ ᠶᠢᠨ ᠰᠤᠷᠭᠠᠯ᠂ ᠳᠡᠭᠡᠷᠡᠭᠢ ᠶᠢᠨ ᠵᠢᠭᠠᠪᠣᠷᠢ ᠪᠠᠷ ᠰᠤᠶᠤᠯ ᠤᠨ ᠬᠤᠪᠢᠰᠬᠠᠯ ᠢ ᠡᠴᠦᠰ ᠳᠤᠨᠢ ᠳᠤᠯᠳᠠᠯ᠎ᠠ ᠭᠢᠭᠦ ᠶᠤᠰᠤᠳᠠᠢ᠃ ᠴᠢᠨᠤ ᠳᠡᠦᠭᠡᠨ ᠣᠴᠢᠷ ᠢ ᠴᠢᠨᠢ ᠳᠤᠳᠤᠯᠠᠭᠠᠳᠤᠢ ᠪᠠᠢ᠌ᠭᠰᠠᠭᠠᠷ᠂ ᠨᠢᠭᠡ ᠴᠠᠭ ᠤᠨ ᠳᠤᠳᠤᠷ᠎ᠠ ᠠᠯᠬᠤᠭᠠᠤᠨ ᠨᠢᠭᠡᠳᠦᠯ ᠤᠨ ᠬᠤᠷᠢᠭᠤᠯ ᠤᠨ ᠭᠠᠵᠠᠷ ᠶᠢᠡᠨ ᠣᠴᠢ》 ᠭᠡᠵᠤ ᠴᠢᠩᠭ᠋᠎ᠠ ᠪᠠᠷ ᠭᠡᠯᠡᠭᠡᠤᠨ ᠳᠠᠪᠭᠢᠭᠤᠯᠤᠨ ᠣᠤᠠᠴᠠᠢ᠃ ᠡᠳᠡᠭᠡᠷ ᠭᠠᠢ᠌ᠬᠠᠯ ᠤᠳ ᠪᠦᠭᠦᠢᠯᠭᠡᠵᠤ ᠴᠤᠭᠢᠵᠤ ᠪᠠᠢ᠌ᠭᠰᠠᠨ 《ᠴᠢᠦᠡᠭᠦᠷ》 ᠲᠡᠭᠡᠨ ᠠᠪᠣᠷᠠᠭᠳᠠᠭᠰᠠᠨ ᠳᠠᠭᠠᠨ ᠠᠶᠤᠭᠰᠠᠨ ᠴᠤ ᠮᠠᠭᠠᠤᠨ᠂ ᠡᠰᠡᠭᠦᠯ᠎ᠡ ᠭᠦᠮᠤᠨ ᠤ ᠨᠢᠩᠵᠢᠨ ᠰᠠᠤᠠᠭᠢᠯ ᠤᠨ ᠰᠢᠭᠦᠯᠳᠡ ᠳᠤ ᠣᠴᠠᠷᠠᠵᠤ᠂ ᠠᠮᠢᠨ ᠳᠤ ᠨᠢ ᠰᠠᠭᠤᠭᠰᠠᠨ ᠠᠪᠣ ᠳᠤ ᠮᠢᠨᠢ ᠳᠠᠯᠠᠷᠬᠠᠭᠰᠠᠨ ᠴᠤ ᠮᠠᠭᠠᠤᠨ᠂ ᠶᠠᠭᠤ ᠴᠤ ᠭᠡᠰᠡᠨ《ᠰᠥᠭᠡ ᠳᠠᠯᠠᠢ᠌ᠬᠤ ᠳᠤ ᠥᠭᠡᠷ ᠠᠮᠠᠷᠠᠨ᠎ᠠ》 ᠭᠡᠳᠡᠭ᠍ᠴᠢᠯᠡᠨ ᠭᠦᠭᠡᠷᠦᠭᠦᠢ ᠠᠪᠣ ᠮᠢᠨᠢ ᠵᠢᠷᠠᠨ ᠮᠢᠨᠦ᠋ᠲ ᠤᠨ ᠡᠷᠭᠡ ᠴᠢᠯᠦᠭᠡ ᠣᠯᠤᠭᠰᠠᠨ ᠳᠠᠭᠠᠨ ᠪᠠᠶ᠎ᠠ ᠰᠠᠤᠠᠭᠢᠯ ᠨᠢ ᠠᠮᠠᠷᠠᠵᠤ᠂ ᠴᠠᠪᠠᠷ ᠠᠭᠠᠷ ᠢ ᠬᠠᠨᠤᠳᠠᠯ᠎ᠠ ᠠᠮᠢᠰᠬᠤᠨ᠂ ᠭᠠᠵᠠᠷ ᠲᠤ ᠭᠡᠪᠳᠡᠨ ᠭᠦᠯ ᠨᠢᠷᠤᠭᠤ ᠪᠠᠨ ᠳᠡᠨᠡᠢ᠌ᠯᠭᠡᠵᠤ᠂ ᠳᠡᠭᠡᠭ᠍ᠰᠢ ᠬᠠᠠᠳᠤᠨ ᠭᠦᠭᠡ ᠳᠡᠭ᠍ᠷᠢ ᠶᠢ ᠰᠢᠷᠳᠠᠨ ᠣᠯᠠᠨ ᠶᠠᠭᠤᠮ᠎ᠠ ᠪᠣᠳᠤᠯᠭᠢᠯᠠᠨ᠎ᠠ᠃ ᠰᠠᠶ‍ᠢ ᠶᠢᠨ ᠭᠠᠢ᠌ᠬᠠᠯ ᠤᠳ ᠲᠤ ᠠᠭᠤᠷ ᠨᠢ ᠭᠦᠷᠴᠤ ᠦᠪᠡᠷ ᠤᠨ ᠡᠷᠭᠡ ᠦᠭᠡᠶ 《ᠳᠡᠨᠡᠭ᠌ ᠠᠮᠢᠳᠠᠨ ᠤᠳ》 ᠭᠡᠵᠤ ᠠᠮᠠᠨ ᠳᠠᠭᠠᠨ ᠲᠦᠳᠦᠨᠡᠨ᠎ᠠ᠃ ᠪᠠᠰᠠ ᠦᠷᠦ ᠡᠪᠠᠦᠡᠴᠤ 《ᠭᠡᠨ ᠤ ᠴᠤ ᠭᠡᠦᠭᠡᠤᠨ ᠪᠦᠷ ᠯᠠ ᠠᠳᠠᠯᠢ᠂ ᠦᠨᠡᠨ ᠬᠤᠳᠠᠯ ᠰᠤᠯᠢᠭᠳᠠᠭᠰᠠᠨ ᠡᠢ᠌ᠮᠤ ᠡᠷᠡᠨ ᠳᠤ᠂ ᠣᠬᠠᠭᠠᠨ ᠥᠭᠡᠢ ᠶᠡᠪᠦᠪᠠᠯ ᠭᠡᠷᠡᠭ᠌ ᠲᠤ ᠣᠨᠠᠵᠤ᠂ ᠠᠯᠳᠠᠨ ᠠᠮᠢ ᠪᠠᠨ ᠠᠯᠳᠠᠵᠤ ᠮᠠᠳᠠᠨ᠎ᠠ》 ᠭᠡᠵᠤ ᠭᠠᠭᠴᠠᠭᠠᠷ ᠶᠢᠡᠨ ᠶᠠᠷᠢᠵᠤ ᠭᠡᠪᠳᠡᠨ᠎ᠡ᠃ ᠵᠣᠢ᠌ᠯ ᠤᠨ ᠳᠠᠮᠤ ᠠᠮᠰᠠᠭᠰᠠᠨ ᠠᠪᠣ ᠮᠢᠨᠢ ᠳᠡᠯᠭᠡᠭ᠍ᠰᠡᠨ ᠳᠡᠷᠯᠢᠭ᠌ ᠳᠡᠭᠡᠷ᠎ᠡ ᠪᠠᠨ ᠳᠠᠭᠠᠳᠠᠢ ᠭᠡᠪᠳᠡᠨ᠂ ᠳᠡᠭᠡᠳᠤ ᠶᠢᠨ ᠵᠢᠷᠭᠠᠯ ᠭᠦᠷᠳᠡᠵᠤ᠂ ᠭᠠᠷ ᠶᠢᠡᠨ ᠳᠠᠷᠠᠯᠠᠨ ᠣᠠᠳᠠᠵᠢ᠃ ᠭᠡᠨᠦᠡᠳᠡ᠄ 《ᠵᠠ᠂ ᠪᠣᠰ᠂ ᠪᠣᠰ ᠨᠢᠭᠡ ᠴᠠᠭ ᠤᠨ ᠴᠢᠯᠦᠭᠡ ᠴᠢᠨᠢ ᠣᠳᠠᠬᠤ ᠦᠭᠡᠶ ᠳᠠᠭᠤᠰᠬᠤ ᠪᠣᠯᠤᠨ᠎ᠠ》 ᠭᠡᠭᠦ ᠳᠠᠭᠤᠨ ᠰᠤᠨᠤᠰᠳᠠᠬᠤ ᠰᠢᠭ ᠪᠣᠯᠬᠤ ᠳᠤ ᠠᠪᠣ ᠨᠣᠢ᠌ᠷᠮᠠᠭᠬᠠᠨ ᠠᠵᠢᠪᠠᠯ ᠪᠣᠷᠤᠳᠤ ᠶᠢᠨ ᠭᠤᠷᠪᠠᠨ ᠱᠤᠪᠣᠭᠤᠷ ᠤᠨ ᠣᠷᠤᠢ ᠳᠡᠭᠡᠷ᠎ᠡ ᠭᠠᠭᠴᠠᠭᠠᠷ ᠶᠢᠡᠨ ᠣᠠᠳᠠᠵᠤ ᠪᠠᠢ᠌ᠬᠤ ᠪᠠᠨ ᠮᠠᠳᠠᠨ ᠰᠤᠴᠢᠨ ᠪᠣᠰᠴᠤ ᠡᠰᠢ ᠳᠠᠰᠢ ᠬᠠᠷᠠᠬᠤ ᠳᠤ ᠭᠡᠨ ᠴᠤ ᠠᠯᠠᠭ᠎ᠠ᠃ ᠤᠭᠤᠰᠦᠷ ᠥᠭᠡᠢ ᠣᠷᠴᠢᠯᠠᠩ ᠤᠨ ᠡᠷᠭᠡ ᠳᠤᠷ᠎ᠠ ᠪᠠᠷ ᠶᠢᠡᠨ ᠭᠦᠪᠦᠨ ᠶᠠᠪᠣᠳᠠᠭ ᠭᠦᠪᠦᠩ ᠡᠭᠦᠯᠡᠰ᠂ ᠳᠠᠮᠤᠯᠠᠭᠳᠠᠵᠤ ᠪᠠᠢ᠌ᠭ᠎ᠠ ᠠᠪᠣ ᠶᠢ ᠮᠢᠨᠢ ᠥᠷᠦᠪᠳᠦᠭ᠍ᠰᠡᠨ ᠪᠣᠯᠤᠯᠳᠠᠢ᠂ ᠵᠤᠷᠢᠭᠤᠳᠠ ᠨᠡᠭᠦᠳᠡᠯᠡᠨ ᠢᠷᠠᠵᠤ᠂ ᠰᠢᠳᠠᠮ᠎ᠠ ᠬᠠᠯᠠᠭᠤᠨ ᠨᠠᠷᠠᠨ ᠢ ᠬᠠᠯᠬᠠᠯᠠᠨ᠂ ᠪᠣᠷᠤᠭᠠᠨ ᠳᠤᠰᠤᠯ ᠪᠠᠭᠤᠯᠭᠠᠵᠤ ᠠᠪᠣ ᠶᠢ ᠮᠢᠨᠢ ᠷᠠᠰᠢᠶᠠᠯᠠᠨ ᠪᠠᠢ᠌ᠭ᠎ᠠ ᠨᠢ ᠠᠵᠠᠢ᠃ ᠡᠷᠭᠢᠨ ᠳᠤᠭᠤᠷᠢᠨ ᠤ ᠡᠪᠠᠰᠤ ᠴᠡᠴᠡᠭ᠌ ᠤᠳ ᠨᠤᠳᠤᠭ ᠤᠨ ᠶᠢᠡᠨ ᠭᠦᠮᠦᠰ ᠤᠨ ᠳᠠᠮᠤᠯᠠᠭᠳᠠᠨ ᠳᠡᠮᠡᠴᠡᠭ᠍ᠳᠡᠵᠤ ᠪᠠᠢ᠌ᠬᠤ ᠶᠢ ᠬᠠᠷᠠᠭᠠᠤᠨ ᠳᠠᠰᠴᠤ ᠴᠢᠳᠠᠯ ᠦᠭᠡᠶ ᠣᠭᠢᠯᠠᠵᠤ ᠪᠠᠢ᠌ᠭ᠎ᠠ ᠰᠢᠭ ᠨᠠᠪᠴᠢ ᠨᠠᠭᠢᠶ᠎ᠠ ᠶᠢ ᠨᠢ ᠳᠠᠭᠠᠭᠠᠤᠨ ᠪᠣᠷᠤᠭᠠᠨ ᠳᠤᠰᠤᠯ ᠰᠤᠪᠣᠤᠠᠷᠠᠵᠤ ᠪᠠᠢ᠌ᠯ᠎ᠠ᠁

ᠭᠡᠴᠡᠭᠦᠤ ᠳᠠᠮᠤᠯᠠᠭᠳᠠᠭᠰᠠᠨ ᠠᠪᠣ ᠶᠢᠨ ᠮᠢᠨᠢ ᠪᠠᠶ᠎ᠠ ᠨᠢ ᠠᠮᠠᠷᠠᠵᠤ᠂ ᠰᠠᠤᠠᠭᠢᠯ ᠨᠢ ᠣᠩᠭ᠋ᠣᠢ᠌ᠭᠰᠠᠨ ᠪᠦᠭᠡᠤᠨ ᠨᠤᠳᠤᠭ ᠤᠨ ᠶᠢᠡᠨ ᠭᠦᠷᠦᠰᠤ ᠰᠢᠷᠤᠢ᠂ ᠨᠠᠷᠠ ᠬᠤᠷ᠎ᠠ ᠡᠴᠡ ᠡᠷᠡᠭᠦᠯ ᠠᠮᠢᠰᠬᠤᠭ᠎ᠠ ᠲᠡᠶ ᠶᠠᠪᠣᠬᠤ ᠭᠦᠴᠤᠨ ᠣᠯᠤᠭᠰᠠᠨ ᠪᠣᠯᠤᠯᠳᠠᠢ᠃ ᠠᠭᠠᠵᠢᠭᠤ ᠪᠣᠰᠴᠤ᠂ ᠬᠤᠪᠴᠠᠰᠤ ᠭᠤᠳᠤᠯ ᠶᠢᠡᠨ ᠳᠡᠭ᠍ᠰᠢᠯᠡᠨ᠂ ᠳᠠᠢ᠌ᠨ ᠤ ᠳᠠᠭᠠᠷᠢᠯᠳᠠ ᠭᠢᠭᠦ ᠪᠠᠷ ᠪᠠᠢ᠌ᠭ᠎ᠠ ᠵᠠᠩᠵᠤᠨ ᠰᠢᠭ᠂ ᠡᠷᠡᠯᠭᠡᠭ᠌ ᠠᠯᠬᠤᠭ᠎ᠠ ᠪᠠᠷ ᠨᠢᠭᠡᠳᠦᠯ ᠤᠨ ᠬᠤᠷᠢᠭᠤᠯ ᠤᠨ ᠭᠠᠵᠠᠷ ᠥᠭᠡᠳᠡ ᠠᠯᠬᠤᠯᠠᠯ᠎ᠠ᠃ ᠠᠷᠤ ᠡᠴᠡ ᠨᠢ ᠳᠦᠰᠢᠭ᠍ᠰᠡᠨ ᠪᠣᠷᠤᠳᠤ ᠶᠢᠨ ᠭᠤᠷᠪᠠᠨ ᠱᠤᠪᠣᠭᠤᠷ᠂ ᠬᠠᠩᠬᠠᠭᠠᠷ ᠮᠦᠷᠤ ᠪᠠᠷ ᠶᠢᠡᠨ ᠭᠦᠭᠡ ᠳᠡᠭ᠍ᠷᠢ ᠶᠢ ᠮᠦᠷᠤᠯᠠᠨ ᠵᠤᠭᠰᠤᠨ᠎ᠠ᠃

ᠪᠣᠷᠤᠳᠤ ᠶᠢᠨ ᠭᠤᠷᠪᠠᠨ ᠱᠤᠪᠣᠭᠤᠷ᠂ ᠪᠣᠷᠬᠠᠨ ᠠᠪᠣᠷᠠᠯ ᠤᠨ ᠰᠢᠳᠦᠭᠡᠨ ᠭᠠᠵᠠᠷ ᠮᠢᠨᠢ ᠡ ︕

ᠳᠠᠷᠠ ᠵᠢᠯ ᠪᠢ ᠬᠤᠩᠭ᠋ᠤᠯᠵᠢ ᠳᠤ ᠠᠯᠪᠠᠨ ᠣᠴᠢᠷ ᠶᠢᠡᠷ ᠣᠴᠢᠬᠤ ᠳᠠᠭᠠᠨ ᠪᠣᠷᠤᠳᠤ ᠶᠢᠨ ᠭᠤᠷᠪᠠᠨ ᠱᠤᠪᠣᠭᠤᠷ ᠲᠠᠭᠠᠨ ᠪᠠᠭᠤᠵᠤ ᠰᠥᠭᠦᠳᠤᠨ ᠮᠥᠷᠭᠦᠯ᠎ᠡ᠃

ᠠᠪᠠᠭ᠎ᠠ ᠶᠢᠨ ᠮᠢᠨᠢ᠂ ᠬᠠᠯᠵᠠᠨ ᠵᠡᠭᠡᠷᠳᠡ ᠮᠤᠷᠢ ᠪᠠᠨ ᠣᠨᠤᠭᠠᠤᠨ ᠬᠤᠨᠢ ᠬᠠᠷᠢᠭᠤᠯᠳᠠᠭ ᠭᠠᠵᠠᠷ ᠶᠢᠡᠷ ᠨᠢᠭᠡᠨ ᠮᠠᠯᠴᠢᠨ ᠬᠤᠨᠢ ᠪᠠᠨ ᠪᠠᠯᠴᠢᠭᠡᠷᠯᠡᠭᠦᠯᠤᠨ᠂ ᠪᠣᠷᠤᠳᠤ ᠶᠢᠨ ᠭᠤᠷᠪᠠᠨ ᠱᠤᠪᠣᠭᠤᠷ ᠤᠨ ᠳᠡᠭᠡᠳᠤ ᠡᠩᠭᠡᠷ ᠲᠤ ᠮᠤᠷᠢ ᠪᠠᠨ ᠴᠢᠳᠤᠷᠯᠠᠵᠤ ᠳᠠᠯᠪᠢᠭᠠᠤᠨ᠂ ᠭᠤᠳᠤᠯ ᠶᠢᠡᠨ ᠳᠠᠷᠠᠯᠠᠨ ᠭᠡᠪᠳᠡᠵᠤ ᠠᠶᠠᠳᠠᠢ᠌ᠬᠠᠨ ᠠᠮᠠᠷᠠᠵᠤ ᠪᠠᠢ᠌ᠯ᠎ᠠ᠃ ᠪᠢᠳᠠ ᠮᠠᠰᠢᠨ᠎ᠠ ᠲᠡᠶ ᠪᠠᠨ ᠰᠢᠭᠤᠳ ᠪᠣᠷᠤᠳᠤ ᠶᠢᠨ ᠭᠤᠷᠪᠠᠨ ᠱᠤᠪᠣᠭᠤᠷ ᠤᠨ ᠣᠷᠤᠢ ᠳᠡᠭᠡᠷ᠎ᠡ ᠭᠠᠷᠴᠤ᠂ ᠮᠠᠰᠢᠨ᠎ᠠ ᠡᠴᠡ ᠪᠠᠭᠤᠨ᠂ ᠰᠢᠳᠦᠭᠡᠨ ᠠᠭᠤᠯᠠ ᠳᠠᠭᠠᠨ ᠰᠡᠷᠵᠢᠮ ᠡᠷᠭᠦᠵᠤ ᠪᠠᠢ᠌ᠬᠤ ᠳᠤ᠂ ᠦᠨᠦᠭᠢ ᠮᠠᠯᠴᠢᠨ ᠪᠣᠰᠴᠤ ᠪᠢᠳᠠᠨ ᠤ ᠵᠥᠭ᠌ ᠢᠷᠠᠪᠠ᠃ ᠣᠢ᠌ᠷᠠᠳᠤᠵᠤ ᠢᠷᠡᠭᠦ ᠪᠠᠷ ᠨᠢ ᠪᠢ ᠨᠤᠳᠤᠭ ᠤᠨ ᠠᠬ᠎ᠠ ᠶᠢ ᠳᠠᠨᠢᠭᠠᠤᠨ ᠣᠭᠳᠤᠨ ᠠᠪᠣᠪᠠ᠃ ᠮᠡᠡᠳᠦᠴᠢᠯᠡᠯᠴᠡᠭ᠍ᠰᠡᠨ ᠤ ᠳᠠᠷᠠᠭ᠎ᠠ ᠪᠢᠳᠠ ᠪᠦᠭᠦᠳᠡᠭᠡᠷ ᠵᠢᠭᠠᠬᠠᠨ ᠵᠤᠭᠤᠭᠳᠠᠵᠤ ᠰᠠᠭᠤᠪᠠ᠃

᠊᠊᠊᠊᠊᠊᠊᠊᠊᠊᠊᠊᠊᠊᠊ ᠡᠪᠦᠭᠡᠨ ᠬᠠᠰᠢᠷ ᠮᠠᠯᠴᠢᠨ ᠪᠠᠢ᠌ᠭᠠᠤᠨ 《ᠳᠦᠷᠦᠭᠦ ᠡᠮ᠎ᠡ ᠶᠢᠨ ᠰᠢᠭᠡᠭᠦ ᠭᠠᠵᠡᠷ ᠡᠴᠡ ᠬᠤᠯᠠᠳᠠᠬᠤ ᠦᠭᠡᠶ》᠂ ᠳᠤᠭᠤᠯ ᠤᠨ ᠪᠠᠯᠴᠢᠭᠡᠷ ᠢ ᠳᠤᠭᠤᠷᠢᠭᠠᠤᠨ᠂ ᠶᠠᠭᠠᠭᠢᠵᠤ ᠬᠤᠨᠢ ᠪᠠᠨ ᠳᠠᠷᠭᠤ ᠠᠪᠣᠭᠤᠯᠵᠤ ᠣᠨ ᠵᠢᠯ ᠳᠤ ᠮᠠᠠᠳᠤ ᠥᠩᠭᠡᠷᠡᠭᠦᠯᠭᠦ ᠪᠢᠯᠠ︖

᠊᠊᠊᠊᠊᠊᠊᠊᠊᠊᠊᠊᠊᠊᠊ ᠶᠠᠭᠤ ᠶᠢ ᠭᠡᠯᠡᠨ᠎ᠡ᠂ ᠪᠠᠯᠴᠢᠭᠡᠷ ᠵᠢᠯ ᠡᠴᠡ ᠵᠢᠯ ᠳᠤ ᠪᠠᠭᠠᠰᠴᠤ ᠣᠳᠤ ᠣᠳᠤᠷ ᠶᠠᠪᠣᠬᠤ ᠭᠠᠵᠠᠷ ᠪᠠᠷᠤᠭ ᠦᠭᠡᠶ ᠪᠣᠯᠵᠠᠢ᠂ ᠪᠠᠯᠴᠢᠭᠡᠷ ᠨᠤᠳᠤᠭ ᠢ ᠮᠠᠨ ᠤ ᠳᠠᠷᠤᠭ᠎ᠠ ᠨᠡᠷ 《ᠬᠤᠳᠠᠯᠳᠤᠭᠠᠴᠢᠳ ᠣᠷᠢᠵᠤ᠂ ᠭᠦᠷᠦᠩᠭᠡ ᠣᠷᠤᠭᠤᠯᠤᠨ᠎ᠠ》 《ᠵᠤᠷᠰᠢᠯ ᠢ ᠡᠪᠳᠡᠵᠤ᠂ ᠦᠰᠦᠷᠤᠯᠳᠠ ᠲᠡᠶ ᠭᠦᠭ᠍ᠵᠢᠭᠦᠯᠦᠨ᠎ᠡ》 ᠭᠡᠤᠨ ᠭᠠᠳᠠᠨᠠᠭᠢ ᠦᠯᠦ ᠳᠠᠨᠢᠬᠤ ᠪᠠᠶᠠᠴᠤᠳ ᠲᠤ ᠥᠭ᠍ᠴᠤ ᠳᠠᠷᠢᠶ᠎ᠠ ᠪᠣᠶᠤ ᠳᠡᠵᠢᠭᠡᠯ ᠡᠪᠠᠰᠤ᠂ ᠣᠯᠤᠰᠤ ᠳᠠᠷᠢᠭᠤᠯᠵᠤ ᠪᠠᠢ᠌ᠨ᠎ᠠ᠃ ᠳᠠᠭᠢᠨ ᠭᠡᠯᠡᠭᠦ ᠳᠤ᠂ ᠬᠠᠳᠤᠯᠠᠩ ᠤᠨ ᠭᠠᠵᠠᠷ ᠢ ᠡᠷᠦᠭᠡ ᠳᠤ ᠬᠤᠪᠢᠶᠠᠨ ᠦᠭ‍ᠭᠦᠭ᠍ᠰᠡᠨ ᠡᠴᠡ ᠡᠪᠠᠰᠤᠨ ᠭᠦᠷᠢᠶ᠎ᠡ ᠤᠯᠡᠰᠢᠷᠵᠤ ᠮᠠᠯ ᠬᠠᠰᠢᠭᠳᠠᠨ ᠣᠳᠤᠷ ᠶᠠᠪᠣᠬᠤ ᠪᠠᠯᠴᠢᠭᠡᠷ ᠨᠤᠳᠤᠭ ᠪᠠᠷᠤᠭ ᠦᠭᠡᠶ ᠪᠣᠯᠤᠭᠰᠠᠨ᠃ ᠡᠪᠦᠯᠵᠢᠶᠡᠨ ᠳᠡᠭᠡᠷ᠎ᠡ ᠪᠠᠨ ᠯᠠ ᠡᠷᠭᠢᠯᠳᠦᠵᠤ ᠪᠠᠢ᠌ᠨ᠎ᠡ ᠳᠠᠨᠤᠰ ᠬᠠᠷᠠᠯ ᠳ᠋ᠠ︕ ᠵᠤᠰᠠᠯᠠᠩ ᠪᠣᠯᠤᠨ ᠨᠠᠮᠤᠷᠵᠢᠶᠠᠨ ᠤ ᠨᠤᠳᠤᠭ ᠪᠦᠷ ᠳᠠᠷᠢᠶ᠎ᠠ ᠪᠣᠯᠤᠭᠰᠠᠨ ᠭᠡᠤᠨ ᠭᠤᠤᠯ ᠤᠨ ᠵᠡᠭᠦᠡᠳᠡᠭᠢ ᠶᠢ ᠵᠢᠭᠠᠪᠠ᠃ ᠳᠡᠭᠦᠨ ᠤ ᠵᠢᠭᠠᠭᠰᠠᠨ ᠶᠢᠡᠷ ᠭᠤᠤᠯ ᠤᠨ ᠵᠡᠭᠦᠡᠳᠡᠭᠢ ᠶᠢ ᠬᠠᠷᠠᠪᠠᠯ᠂ ᠣᠤᠯ ᠤᠨ ᠵᠤᠰᠠᠯᠠᠩ ᠤᠨ ᠪᠠᠯᠴᠢᠭᠡᠷ᠂ ᠨᠠᠮᠤᠷᠵᠢᠶᠠᠨ ᠤ ᠭᠠᠵᠠᠷ᠂ ᠵᠠᠷᠢᠮ ᠡᠪᠦᠯᠵᠢᠶᠡᠨ ᠤ ᠬᠠᠰᠢᠶᠠᠨ ᠳᠤ ᠭᠦᠷᠳᠡᠯ᠎ᠡ ᠭᠠᠵᠠᠷ ᠬᠠᠭᠠᠯᠠᠵᠤ ᠳᠠᠷᠢᠶ᠎ᠠ ᠳᠠᠷᠢᠵᠤ᠂ ᠳᠠᠷᠢᠶᠠᠨ ᠤ ᠨᠤᠭᠤᠭᠠᠨ ᠭᠡᠰᠡᠭ᠌ ᠤᠳ ᠮᠠᠰᠢ ᠳᠤᠳᠤᠬᠠᠨ ᠬᠠᠷᠠᠭᠳᠠᠨ᠎ᠠ᠃

᠊᠊᠊᠊᠊᠊᠊᠊᠊᠊᠊᠊᠊᠊᠊ ᠣᠳᠤ ᠪᠣᠷᠤᠳᠤ ᠶᠢᠨ ᠭᠤᠷᠪᠠᠨ ᠱᠤᠪᠣᠭᠤᠷ ᠡᠴᠡ ᠣᠠᠳᠤᠤ ᠰᠠᠢ᠌ᠨ ᠪᠠᠯᠴᠢᠭᠡᠷ ᠪᠠᠷᠤᠭ ᠦᠭᠡᠶ ᠪᠣᠯᠵᠤ ᠪᠠᠢ᠌ᠨ᠎ᠠ᠃ ᠰᠤᠨᠤᠰᠬᠤ ᠳᠤ ᠨᠡᠭᠦᠷᠡᠰᠤᠨ ᠠᠭᠤᠷᠬᠠᠢ ᠶᠢᠨ ᠨᠡᠭᠡᠭᠡᠯᠳᠡ ᠶᠢ ᠦᠷᠭᠡᠳᠭᠡᠪᠠᠯ ᠮᠠᠨ ᠤ ᠨᠤᠳᠤᠭ ᠴᠦᠮ ᠶᠢᠡᠷ ᠶᠢᠡᠨ ᠨᠡᠭᠡᠭᠡᠯᠳᠡ ᠳᠤ ᠣᠷᠤᠨ᠎ᠠ ᠭᠡᠨ᠎ᠡ᠃ ᠢᠮᠢᠨ ᠭᠤᠤᠯ ᠤᠨ ᠣᠰᠤ ᠶᠢ ᠬᠠᠭᠠᠭᠠᠵᠤ ᠬᠤᠩᠭ᠋ᠤᠯᠵᠢ ᠳᠤ ᠣᠰᠤᠨ ᠴᠥᠭᠦᠷᠤᠮ ᠪᠠᠢ᠌ᠭᠤᠯᠤᠨ᠎ᠠ ᠭᠡᠰᠡᠨ ᠰᠤᠷᠠᠭ ᠲᠡᠶ᠃ ᠮᠠᠨ ᠤ ᠮᠠᠯᠴᠢᠳ ᠬᠠᠮᠢᠭ᠎ᠠ ᠣᠴᠢᠵᠤ᠂ ᠶᠠᠭᠠᠭᠢᠵᠤ ᠠᠮᠢᠳᠤᠷᠠᠨ᠎ᠠ︖ ᠬᠤᠵᠢᠮ ᠣᠳᠤ ᠶᠠᠭᠤ ᠪᠣᠯᠬᠤ ᠶᠢ ᠮᠡᠳᠡᠭᠦ ᠦᠭᠡᠶ᠂ ᠮᠠᠯᠴᠢᠨ ᠭᠦᠮᠤᠨ ᠬᠤᠳᠠ ᠪᠠᠯᠭᠠᠰᠤᠨ ᠳᠤ ᠣᠴᠢᠵᠤ ᠰᠠᠭᠤᠭᠠᠤᠨ ᠶᠠᠭᠤ ᠭᠢᠵᠤ ᠠᠮᠢᠳᠤᠷᠠᠨ᠎ᠠ︖ ᠬᠤᠳᠠ ᠶᠢᠨ ᠭᠣᠢ᠌ᠷᠠᠠᠴᠢ ᠯᠠ ᠪᠣᠯᠤᠨ᠎ᠠ ᠪᠢᠵᠠ᠃ ᠵᠠ ᠶᠠᠭᠠᠭᠢᠬᠤ ᠪᠣᠢ︕ ᠭᠦᠯᠢᠶᠡᠵᠤ ᠪᠠᠢ᠌ᠶ᠎ᠠ 《ᠢᠳᠡᠭ᠍ᠰᠡᠨ ᠡᠷᠡᠤ ᠬᠤᠪᠠᠬᠠᠢ᠌ᠷᠠᠵᠤ᠂ ᠢᠳᠡᠭ᠍ᠳᠡᠭ᠍ᠰᠡᠨ ᠳᠤᠪᠣ ᠨᠤᠭᠤᠭᠠᠷᠠᠨ᠎ᠠ》 ᠭᠡᠳᠡᠭ᠌ ᠳ᠋ᠠ ᠭᠡᠵᠤ ᠨᠤᠳᠤᠭ ᠤᠨ ᠠᠬ᠎ᠠ ᠰᠠᠨᠠᠭ᠎ᠠ ᠠᠯᠳᠠᠨ ᠭᠡᠯᠡᠵᠤ ᠪᠠᠢ᠌ᠯ᠎ᠠ᠃

ᠭᠦᠮᠦᠰ᠄ 《ᠣᠷᠴᠢᠮ ᠤᠨ ᠵᠢᠯ ᠤᠳ ᠲᠤ ᠮᠠᠨ ᠤ ᠨᠤᠳᠤᠭ ᠲᠤ ᠬᠤᠯᠤᠭᠠᠨ᠎ᠠ ᠣᠯᠠᠨ ᠪᠣᠯᠵᠤ ᠨᠤᠳᠤᠭ ᠤᠨ ᠮᠤᠤᠷ ᠤᠳ ᠳᠠᠷᠭᠤᠯᠠᠵᠤ ᠪᠠᠢ᠌ᠨ᠎ᠠ᠂ ᠬᠤᠯᠤᠭᠠᠨ᠎ᠠ ᠮᠤᠤᠷ ᠠᠮᠠᠷᠠᠭ ᠪᠣᠯᠤᠯ᠎ᠠ》 ᠭᠡᠳᠡᠭ᠌ ᠨᠢ ᠦᠨᠡᠨ ᠪᠣᠯᠤᠯᠳᠠᠢ᠃

ᠡᠯᠦᠡᠴᠡ ᠳᠡᠭᠡᠳᠦᠰ ᠤᠨ ᠶᠢᠡᠨ ᠦᠪ᠂ ᠡᠯᠢᠭᠡ ᠪᠦᠳᠤᠨ ᠨᠤᠳᠤᠭ ᠶᠢᠡᠨ ᠢᠩᠭᠢᠭᠡᠤᠨ ᠯᠠ ᠡᠪᠳᠡᠯᠡᠵᠤ ᠰᠠᠳᠠᠭᠠᠯᠭᠠᠬᠤ ᠨᠢ ᠦᠦ︖ ᠳᠡᠭᠡᠳᠦᠰ ᠤᠨ ᠮᠠᠨᠢ ᠦᠶ᠎ᠡ ᠶᠢᠨ ᠦᠶ᠎ᠡ᠂ ᠠᠮᠢᠨ ᠡᠴᠡ ᠪᠠᠨ ᠢᠯᠡᠭᠦᠤ ᠬᠠᠮᠠᠭᠠᠯᠠᠵᠤ ᠬᠠᠢ᠌ᠷᠠᠯᠠᠵᠤ᠂ ᠡᠪᠳᠡᠯᠡᠵᠤ ᠨᠡᠭᠡᠭᠡᠭ᠍ᠰᠡᠨ ᠦᠭᠡᠶ ᠨᠤᠳᠤᠭ ᠤᠨ ᠮᠢᠨᠢ ᠡᠳ᠋ ᠠᠭᠤᠷᠠᠰᠤ ᠶᠢ ᠪᠦᠭᠦᠳᠡ ᠶᠢ ᠴᠥᠯᠪᠠᠭᠦ ᠨᠢ ᠦᠦ︖ ᠮᠠᠨ ᠤ ᠳᠡᠭᠡᠳᠦᠰ ᠡᠷᠳᠡᠨᠢᠰ ᠶᠢᠡᠨ ᠨᠡᠭᠡᠭᠡᠵᠤ ᠠᠪᠴᠤ ᠴᠢᠳᠠᠬᠤ ᠦᠭᠡᠶ ᠪᠢᠰᠢ᠂ 《ᠠᠯᠳᠠ ᠶᠢᠨ ᠣᠪᠣᠭ᠎ᠠ ᠰᠠᠭᠢᠭᠰᠠᠨ ᠳᠡᠨᠡᠭ᠌ ᠭᠣᠢ᠌ᠷᠠᠠᠴᠢ》 ᠤᠳ ᠴᠤ ᠪᠢᠰᠢ᠃ ᠳᠠᠳᠠ ᠡᠭᠡ ᠪᠠᠢ᠌ᠭᠠᠯᠢ ᠶᠢ ᠬᠠᠮᠭᠠᠯᠠᠬᠤ ᠶᠢᠨ ᠳᠦᠯᠦᠭᠡ᠂ ᠠᠮᠢ ᠠᠬᠤᠢ ᠶᠢᠨ ᠳᠡᠩᠴᠡᠭᠦᠷᠢ ᠶᠢ ᠡᠪᠳᠡᠯᠡᠭᠦ ᠦᠭᠡᠶ ᠶᠢᠨ ᠳᠦᠯᠦᠭᠡ᠂ ᠦᠷ᠎ᠡ ᠬᠣᠢ᠌ᠴᠢᠰ ᠲᠠᠭᠠᠨ ᠶᠠᠭᠤᠮ᠎ᠠ ᠥᠯᠡᠳᠡᠭᠡᠭᠦ ᠶᠢᠨ ᠳᠦᠯᠦᠭᠡ ᠥᠪᠠᠷ ᠤᠨ ᠨᠤᠳᠤᠭ ᠪᠣᠯᠤᠨ ᠦᠪᠡᠷ ᠤᠨ ᠶᠢᠡᠨ ᠠᠮᠢᠳᠤᠷᠠᠯ ᠳᠤ ᠳᠤᠭᠢᠷᠠᠭᠰᠠᠨ᠂ ᠭᠦᠮᠤᠨ ᠲᠦᠷᠦᠯᠭᠢᠳᠠᠨ ᠳᠤ ᠭᠠᠪᠢᠶ᠎ᠠ ᠵᠢᠦᠡᠭᠦᠯ ᠪᠦᠭᠦᠢ ᠨᠡᠭᠦᠳᠡᠯ ᠮᠠᠯᠵᠢᠯ ᠰᠤᠶᠤᠯ ᠢ ᠪᠦᠳᠦᠭᠡᠭ᠍ᠰᠡᠨ ᠠᠭᠤᠤ ᠭᠦᠮᠦᠰ ᠶᠤᠮ᠃ ᠳᠠᠳᠠ ᠦᠷ᠎ᠡ ᠬᠣᠢ᠌ᠴᠢᠰ ᠲᠠᠭᠠᠨ ᠡᠨᠡᠭᠦ ᠳᠡᠷᠢᠭᠦᠨ ᠤ ᠰᠤᠶᠤᠯ ᠶᠢᠡᠨ ᠪᠦᠷᠢᠨ ᠪᠦᠳᠤᠨ ᠶᠢᠡᠷ ᠨᠢ ᠦᠪᠯᠠᠨ ᠥᠯᠡᠳᠡᠭᠡᠭ᠍ᠰᠡᠨ ᠶᠤᠮ᠃ ᠦᠷ᠎ᠡ ᠬᠣᠢ᠌ᠴᠢᠰ ᠨᠢ ᠵᠠᠯᠭᠠᠮᠵᠢᠯᠠᠨ ᠠᠪᠴᠤ᠂ ᠡᠯ᠎ᠡ ᠳᠡᠦᠭᠡᠨ ᠱᠠᠳᠤᠨ ᠳᠤ ᠳᠤᠭᠢᠷᠠᠭᠤᠯᠤᠨ ᠭᠦᠭ᠍ᠵᠢᠭᠦᠯᠵᠤ ᠶᠠᠪᠣᠭ᠎ᠠ ᠶᠢ ᠳᠡᠯᠡᠭᠡᠢ ᠨᠠᠢ᠌ᠳᠠ ᠪᠠᠷ ᠶᠢᠡᠨ ᠭᠦᠯᠢᠶᠡᠨ ᠵᠦᠪᠰᠢᠶᠠᠷᠴᠤ ᠪᠠᠢ᠌ᠳᠠᠭ᠃ ᠠᠵᠤ ᠠᠬᠤᠢ ᠶᠢᠨ ᠳᠡᠯᠡᠭᠡᠢ᠌ᠵᠢᠯᠡᠯ ᠪᠣᠯᠤᠨ ᠳᠠᠶᠠᠭᠠᠷᠰᠢᠯ ᠤᠨ ᠭᠤᠤᠯ ᠵᠦᠷᠢᠴᠠᠯ ᠪᠣᠯᠬᠤ 《ᠭᠦᠮᠤᠨ ᠠᠮᠠ ᠶᠢᠨ ᠦᠰᠦᠯᠳᠠ ᠪᠣᠯᠤᠨ ᠡᠭᠢ ᠪᠠᠶᠠᠯᠢᠭ ᠤᠨ ᠬᠤᠮᠰᠠᠳᠤᠯ》 ᠢ ᠰᠤᠳᠤᠯᠤᠨ ᠰᠢᠡᠵᠢᠭᠦ ᠳᠤ᠂ ᠨᠡᠭᠦᠳᠡᠯ ᠮᠠᠯᠵᠢᠯ ᠰᠤᠶᠤᠯ ᠢ ᠪᠣᠰᠤᠳ ᠦᠨᠳᠦᠰᠦᠳᠠᠨ ᠤ ᠰᠤᠶᠤᠯ ᠲᠡᠶ ᠠᠳᠠᠯᠢᠤᠠᠬᠠᠪᠠᠯ ᠡᠯ᠎ᠡ ᠳᠡᠦᠭᠡᠨ ᠱᠠᠳᠤᠨ ᠳᠤ ᠠᠯᠤᠰ ᠬᠤᠯᠠ ᠶᠢᠨ ᠪᠣᠳᠤᠯᠭ᠎ᠠ ᠲᠡᠶ᠂ ᠳᠡᠷᠢᠭᠦᠨ ᠤ ᠴᠢᠨᠠᠷ ᠲᠡᠶ ᠪᠠᠢ᠌ᠳᠠᠭ ᠢ ᠠᠯᠢ ᠴᠤ ᠳᠡᠯ᠎ᠡ ᠡᠴᠡ ᠨᠢ ᠭᠦᠮᠦᠰ ᠣᠢ᠌ᠯᠭᠠᠨ ᠮᠠᠳᠠᠵᠤ ᠪᠣᠯᠬᠤ ᠶᠤᠮ᠃

ᠵᠢᠱᠢᠶᠠᠯᠠᠪᠠᠯ ᠄ 《[ᠮᠢᠨᠤ ᠭᠡᠷ ᠰᠢᠷ᠎ᠠ ᠰᠢᠷᠣᠢ᠌ᠳᠤ ᠥᠡᠳᠦᠷᠯᠢᠭ᠌ ᠲᠤ ᠪᠤᠢ]ᠭᠡᠳᠡᠭ᠌ ᠳᠠᠭᠤᠤ ᠪᠠᠢ᠌ᠳᠠᠭ ᠰᠠᠨ᠃ ᠳᠤᠰ ᠳᠠᠭᠤᠤ ᠪᠣᠯ ᠱᠠᠨ ᠱᠢ᠂ ᠱᠠᠨᠰᠢ ᠵᠡᠷᠭᠡ ᠮᠤᠵᠢ ᠳᠤ ᠳᠡᠭᠡᠳᠦᠦᠯ ᠨᠢ ᠨᠤᠳᠤᠭ ᠶᠢᠡᠨ ᠶᠡᠭᠡ ᠪᠠᠷ ᠬᠠᠭᠠᠯᠪᠣᠷᠢᠯᠠᠵᠤ ᠳᠠᠷᠢᠶ᠎ᠠ ᠳᠠᠷᠢᠭᠰᠠᠨ ᠪᠠ ᠣᠢ ᠰᠢᠭᠤᠢ ᠪᠠᠨ ᠪᠦᠭᠦᠨ ᠢ ᠰᠥᠨᠦᠭᠡᠨ ᠠᠮᠢ ᠠᠬᠤᠢ ᠶᠢᠨ ᠳᠡᠩᠴᠡᠭᠦᠷᠢ ᠶᠢ ᠡᠪᠳᠡᠯᠡᠭ᠍ᠰᠡᠨ ᠡᠴᠡ᠂ ᠳᠤᠰ ᠨᠤᠳᠤᠭ ᠲᠤ ᠥᠷᠭᠦᠯᠵᠢ ᠰᠢᠷᠤᠢ ᠶᠢᠨ ᠰᠢᠭᠤᠷᠠᠭ᠎ᠠ ᠪᠣᠰᠬᠤ ᠪᠣᠯᠵᠤ᠂ ᠬᠣᠢ᠌ᠴᠢ ᠦᠶ᠎ᠡ ᠭᠢᠨ ᠨᠢ ᠡᠭᠡ ᠪᠠᠢ᠌ᠭᠠᠯᠢ ᠶᠢᠨ ᠰᠢᠦᠡᠭᠡᠯ ᠢ ᠠᠮᠰᠠᠵᠤ ᠪᠠᠢ᠌ᠭ᠎ᠠ ᠶᠢ ᠳᠦᠷᠰᠦᠯᠠᠨ ᠳᠠᠭᠤᠯᠠᠵᠠᠢ ᠁ ᠵᠢᠢ᠌ ᠰᠢᠶᠠᠨ᠂ ᠬᠤ ᠺᠧᠤ ᠁ ᠵᠡᠷᠭᠡ ᠭᠠᠵᠠᠷ ᠲᠤ᠂ ᠭᠡᠳᠦᠷᠭᠡᠢ ᠬᠠᠭᠠᠯᠪᠣᠷᠢᠯᠠᠵᠤ᠂ ᠣᠢ ᠰᠢᠭᠤᠢ ᠶᠢ ᠶᠡᠭᠡ ᠪᠠᠷ ᠰᠥᠢᠦᠡᠭᠡᠵᠤ ᠮᠤᠳᠤ ᠣᠭᠳᠤᠯᠠᠭᠰᠠᠨ ᠪᠠ ᠭᠦᠮᠤᠨ ᠠᠮᠠ ᠶᠢᠨ ᠦᠰᠦᠯᠳᠠ ᠭᠡᠳᠦᠷᠭᠡᠢ ᠶᠡᠭᠡᠳᠦᠵᠤ ᠠᠮᠢ ᠠᠬᠤᠢ ᠶᠢᠨ ᠳᠡᠩᠴᠡᠭᠦᠷᠢ ᠶᠢ ᠡᠪᠳᠡᠯᠡᠭ᠍ᠰᠡᠨ ᠭᠠᠰᠢᠭᠤᠨ ᠳᠡᠦᠭᠡ ᠭᠠᠷᠴᠠᠢ᠃ ᠡᠢ᠌ᠮᠤ ᠳᠡᠦᠭᠡ᠂ ᠱᠠᠨ ᠰᠢ ᠳᠤ ᠪᠠᠢ᠌ᠬᠤ ᠪᠠᠷ ᠪᠠᠷᠠᠬᠤ ᠦᠭᠡᠶ᠂ ᠳᠤᠮᠳᠠᠳᠤ ᠣᠯᠤᠰ᠂ ᠳᠡᠯᠡᠭᠡᠢ ᠶᠢᠨ ᠵᠠᠷᠢᠮ ᠭᠠᠵᠠᠷ ᠲᠤ ᠪᠠᠢ᠌ᠳᠠᠭ ᠰᠠᠨ᠃ ᠳᠠᠳᠠ ᠪᠦᠷ ᠯᠠ ᠤᠷᠢᠳ ᠬᠤᠵᠢᠳ ᠪᠣᠶᠤ ᠭᠦᠡᠳᠤ ᠭᠦᠩᠭᠡᠨ ᠶᠢᠡᠷ ᠡᠭᠡ ᠪᠠᠢ᠌ᠭᠠᠯᠢ ᠶᠢ ᠡᠪᠳᠡᠯᠡᠵᠤ᠂ ᠴᠦᠯᠪᠠᠨ ᠳᠠᠭᠤᠰᠬᠠᠬᠤ ᠰᠢᠬᠠᠵᠠᠢ᠁》 (1) 《ᠳᠡᠭ᠍ᠷᠢ ᠭᠠᠵᠠᠷ ᠲᠠᠭᠠᠨ ᠨᠢᠭᠦᠯ ᠦᠭᠡᠶ ᠪᠠᠢ᠌ᠵᠤ᠂ ᠭᠠᠯ ᠣᠰᠤᠨ ᠳᠠᠭᠠᠨ ᠬᠠᠯᠠ ᠦᠭᠡᠶ ᠶᠠᠪᠣᠬᠤ ᠦᠭᠡᠶ ᠪᠣᠯ ᠡᠨᠡᠷᠢᠯᠳᠤ ᠡᠭᠡ ᠪᠠᠢ᠌ᠭᠠᠯᠢ ᠪᠠᠨ ᠭᠤᠮᠤᠳᠠᠭᠠᠵᠤ᠂ ᠪᠠᠢ᠌ᠭᠠᠯᠢ ᠨᠢ ᠳᠦᠷᠦᠭᠦᠯᠦᠭ᠍ᠰᠡᠨ ᠭᠦᠤ ᠡᠴᠡ ᠪᠠᠨ ᠬᠠᠷᠢᠭᠤ ᠠᠪᠬᠤ ᠴᠠᠭ ᠲᠤ᠂ ᠪᠦᠭᠦᠨ ᠡᠴᠡ ᠭᠦᠴᠤ ᠲᠡᠶ ᠭᠦᠮᠤᠨ ᠳᠠ ᠭᠦᠯ ᠳᠡᠭᠡᠷ᠎ᠡ ᠪᠠᠨ ᠦᠨᠳᠠᠢ᠌ᠨ ᠪᠠᠢ᠌ᠭᠰᠠᠨ ᠦᠶ᠎ᠡ ᠰᠢᠭ᠌ ᠶᠢᠡᠨ ᠪᠠᠢ᠌ᠭᠠᠯᠢ ᠳᠡᠯᠡᠭᠡᠢ ᠶᠢᠨ ᠶᠢᠡᠨ ᠡᠮᠦᠨ᠎ᠡ ᠰᠥᠭᠦᠷᠡᠨ ᠦᠷᠦᠰᠢᠶᠠᠯ ᠭᠤᠶᠤᠬᠤ ᠮᠦᠴᠡ ᠢᠷᠠᠵᠤ ᠪᠣᠯᠬᠤ ᠶᠤᠮ᠃》 (2)

ᠭᠡᠪᠠᠴᠤ᠂ ᠨᠡᠭᠦᠳᠡᠯ ᠮᠠᠯᠵᠢᠯ ᠰᠤᠶᠤᠯ ᠤᠨ ᠮᠤᠩᠭ᠋ᠤᠯ ᠨᠤᠳᠤᠭ ᠲᠤ᠂ ᠳᠠᠯ᠎ᠠ ᠨᠤᠳᠤᠭ᠂ ᠣᠢ ᠰᠢᠭᠤᠢ ᠶᠢᠨ ᠡᠪᠳᠡᠯᠡᠭ᠍ᠳᠡᠭ᠍ᠰᠡᠨ ᠭᠡᠮᠵᠢᠶ᠎ᠡ ᠨᠢ ᠪᠠᠭ᠎ᠠ᠃ (ᠭᠡᠪᠠᠴᠤ ᠣᠷᠴᠢᠮ ᠤᠨ ᠭᠡᠳᠤᠨ ᠠᠷᠪᠠᠨ ᠵᠢᠯ ᠳᠤ ᠤᠷᠢᠳ ᠬᠤᠵᠢᠳ ᠨᠠᠯᠢᠶᠠᠤᠨ ᠡᠪᠳᠡᠭ᠍ᠳᠡᠭ᠍ᠰᠡᠭᠡᠷ ᠪᠠᠢ᠌ᠨ᠎ᠠ) ᠮᠤᠩᠭ᠋ᠤᠯ ᠨᠤᠳᠤᠭ ᠤᠨ ᠡᠭᠢ ᠪᠠᠶᠠᠯᠢᠭ ᠡᠯᠪᠠᠭ᠌ ᠳᠡᠯᠪᠠᠭ᠌᠂ ᠮᠤᠩᠭ᠋ᠤᠯ ᠭᠦᠮᠤᠨ ᠤ ᠭᠦᠮᠤᠨ ᠠᠮᠠ ᠶᠢᠨ ᠦᠰᠦᠯᠳᠠ ᠪᠠᠭ᠎ᠠ ᠮᠥᠷᠳᠡᠭᠡᠨ ᠬᠠᠷᠢᠴᠠᠩᠭ᠋ᠤᠢ ᠪᠠᠷ ᠳᠤᠭᠳᠠᠪᠣᠷᠢᠳᠠᠢ ᠪᠠᠢ᠌ᠵᠤ᠂ ᠮᠤᠩᠭ᠋ᠤᠯᠴᠤᠳ ᠤᠨ ᠣᠯᠠᠩᠭᠢ ᠨᠢ ᠡᠷᠡᠯᠭᠡᠭ᠌ ᠪᠠᠭᠠᠳᠤᠷ᠂ ᠣᠬᠠᠭᠠᠯᠢᠭ ᠴᠠᠭᠠᠪᠣᠷ ᠣᠭᠢ ᠰᠤᠳᠤ ᠨᠤᠭᠤᠨ ᠦᠬᠢᠳ ᠳᠦᠷᠦᠳᠡᠭ᠌ ᠢ ᠨᠢ ᠡᠺᠦᠯᠦᠭᠢ ᠶᠢᠨ ᠰᠤᠳᠤᠯᠤᠯ᠂ ᠭᠦᠮᠤᠨ ᠲᠦᠷᠦᠯᠭᠢᠳᠠᠨ ᠤ ᠰᠤᠳᠤᠯᠤᠯ ᠳᠤ ᠰᠤᠳᠤᠯᠭᠠᠨ ᠤ ᠵᠣᠢ᠌ᠯ ᠶᠢᠡᠷ ᠰᠤᠳᠤᠯᠤᠨ ᠮᠠᠳᠠᠷᠴᠤ ᠪᠠᠢ᠌ᠳᠠᠭ ᠰᠠᠨ᠃

《ᠮᠤᠩᠭ᠋ᠤᠯ ᠭᠦᠮᠤᠨ ᠤ ᠠᠮᠢᠰᠬᠤᠬᠤ ᠨᠢ ᠴᠠᠪᠠᠷ ᠭᠦᠴᠢᠯᠳᠦᠷᠦᠭ᠍ᠴᠢ (ᠡᠭᠢ ᠪᠠᠢ᠌ᠭᠠᠯᠢ ᠶᠢᠨ ᠥᠢᠯᠡᠳᠦᠭ᠍ᠰᠡᠨ ᠴᠠᠪᠠᠷ ᠭᠦᠴᠢᠯᠳᠦᠷᠦᠭ᠍ᠴᠢ) ᠣᠤᠭᠤᠬᠤ ᠨᠢ ᠷᠠᠰᠢᠶᠠᠨ ᠣᠰᠤ (ᠪᠣᠵᠠᠷᠳᠤᠯ ᠦᠭᠡᠶ ᠪᠠᠢ᠌ᠭᠠᠯᠢ ᠶᠢᠨ ᠴᠠᠪᠠᠷ ᠣᠰᠤ) ᠢᠳᠡᠭᠦ ᠨᠢ ᠡᠪᠠᠰᠤᠨ ᠡᠮ ᠤᠨ ᠪᠠᠢ᠌ᠭᠠᠯᠢᠯᠢᠭ ᠪᠣᠯᠪᠠᠰᠤᠷᠠᠭᠤᠯᠤᠭᠰᠠᠨ ᠰᠢᠮᠠᠳᠠᠢ ᠪᠦᠳᠦᠭᠡᠭ᠍ᠳᠦᠭᠦᠨ (ᠮᠠᠯ ᠤᠨ ᠮᠢᠬ᠎ᠠ ᠰᠥ᠋) ᠣᠠᠳᠠᠬᠤ ᠭᠡᠷ ᠨᠢ ᠴᠡᠴᠡᠭ᠌ ᠤᠨ ᠭᠦᠷᠢᠶᠡᠯᠡᠭ᠌ ᠳᠤᠮᠳᠠ (ᠲ᠋ᠠᠯ᠎ᠠ ᠶᠢᠨ ᠮᠤᠩᠭ᠋ᠤᠯ ᠭᠡᠷ) ᠡᠢ᠌ᠮᠤ ᠡᠴᠡ ᠳᠠᠳᠠᠨ ᠤ ᠣᠯᠠᠩᠭᠢ ᠨᠢ ᠪᠠᠶ᠎ᠠ ᠴᠢᠭᠢᠷᠠᠭ᠂ ᠳᠦᠷᠭᠦ ᠨᠢ ᠴᠠᠪᠠᠷ ᠭᠤᠶᠤ᠂ ᠴᠤᠪᠣᠭᠤ ᠰᠡᠷᠭᠦᠯᠡᠩ ᠪᠠᠢ᠌ᠳᠠᠭ ᠠᠵᠠᠢ》 (3)

《ᠪᠦᠮᠪᠦᠷᠴᠡᠭ᠌ ᠤᠨ ᠵᠡᠭᠦᠨ ᠪᠦᠭᠡᠷᠡᠨ ᠳᠠᠭᠢ ᠮᠤᠩᠭ᠋ᠤᠯ ᠦᠨᠳᠦᠰᠦᠳᠠᠨ ᠤ ᠨᠡᠭᠦᠳᠡᠯ ᠮᠠᠯᠵᠢᠬᠤ ᠠᠮᠢᠳᠤᠷᠠᠯ ᠨᠢ ᠡᠭᠡ ᠪᠠᠢ᠌ᠭᠠᠯᠢ ᠶᠢ ᠬᠠᠮᠠᠭᠠᠯᠠᠵᠤ᠂ ᠠᠮᠢ ᠠᠬᠤᠢ ᠶᠢᠨ ᠳᠡᠩᠴᠡᠭᠦᠷᠢ ᠶᠢ ᠬᠠᠮᠠᠭᠠᠯᠠᠭᠰᠠᠭᠠᠷ ᠪᠠᠢ᠌ᠨ᠎ᠠ᠃ ᠳᠠᠳᠠᠨ ᠤ ᠨᠤᠳᠤᠭ ᠠᠽᠢᠶ᠎ᠠ ᠶᠢᠨ ᠴᠡᠭᠡᠵᠢᠨ ᠳᠤ ᠪᠠᠢ᠌ᠵᠤ᠂ ᠣᠰᠤᠨ ᠤ ᠡᠭᠢ ᠰᠤᠷᠪᠣᠯᠵᠢ ᠨᠢ᠂ ᠠᠷᠠᠯ ᠪᠣᠶᠤ ᠬᠠᠭᠠᠰ ᠠᠷᠠᠯ ᠤᠨ ᠶᠡᠭᠡ ᠳᠠᠯᠠᠢ ᠲᠡᠶ ᠵᠠᠬᠠᠯᠠᠵᠤ ᠪᠠᠢ᠌ᠭ᠎ᠠ ᠣᠯᠤᠰ ᠪᠣᠯᠤᠨ ᠳᠠᠯᠠᠢ ᠶᠢᠨ ᠭᠦᠪᠠᠭᠡᠨ ᠤ ᠣᠯᠤᠰ ᠣᠷᠤᠨ ᠤ ᠣᠰᠤᠨ ᠤ ᠰᠤᠷᠪᠣᠯᠵᠢ ᠡᠴᠡ ᠬᠤᠯᠠ ᠪᠠᠭ᠎ᠠ ᠪᠠᠢ᠌ᠳᠠᠭ᠃ ᠡᠢ᠌ᠮᠤ ᠡᠴᠡ᠂ ᠶᠡᠭᠡ ᠪᠠᠷ ᠠᠭᠤᠷᠬᠠᠢ ᠨᠡᠭᠡᠭᠡᠵᠤ᠂ ᠣᠢ᠌ᠯᠠᠤᠠᠪᠣᠷᠢ ᠪᠠᠢ᠌ᠭᠤᠯᠬᠤ ᠪᠣᠶᠤ᠂ ᠶᠡᠭᠡ ᠪᠠᠷ ᠳᠠᠷᠢᠶ᠎ᠠ ᠳᠠᠷᠢᠪᠠᠯ ᠭᠠᠵᠠᠷ ᠳᠤᠤᠷᠠᠭᠢ ᠣᠰᠤᠨ ᠤ ᠳᠡᠩᠴᠡᠭᠦᠷᠢ ᠡᠪᠳᠡᠭ᠍ᠳᠡᠵᠤ᠂ ᠭᠠᠵᠠᠷ ᠳᠡᠭᠡᠷᠡᠭᠢ ᠣᠰᠤ ᠨᠢ ᠰᠢᠷᠭᠢᠨ ᠬᠠᠳᠠᠵᠤ᠂ ᠣᠰᠤ ᠳᠤᠳᠠᠬᠤ ᠶᠡᠭᠡ ᠠᠶᠤᠯ ᠢ ᠪᠣᠢ ᠪᠣᠯᠭᠠᠨ᠎ᠠ᠃ ᠪᠦᠭᠦᠢᠯᠡ ᠭᠠᠵᠠᠷ ᠨᠤᠳᠤᠭ ᠨᠢ ᠡᠯᠡᠰᠦᠷᠭᠡᠭ᠍ᠵᠢᠵᠤ᠂ ᠡᠯᠡᠰᠤᠨ ᠰᠢᠭᠤᠷᠠᠭ᠎ᠠ ᠶᠢᠨ ᠠᠶᠤᠯ ᠢ ᠪᠣᠢ ᠪᠣᠯᠭᠠᠨ᠎ᠠ᠃ ᠮᠦᠨ ᠴᠤ ᠪᠦᠮᠪᠦᠷᠴᠡᠭ᠌ ᠤᠨ ᠡᠷᠡᠭᠦᠯ ᠮᠠᠠᠳᠤ ᠳᠤ ᠭᠦᠨᠦᠭᠡᠯ ᠠᠪᠴᠢᠷᠠᠬᠤ ᠪᠣᠯᠤᠨ᠎ᠠ᠂ ᠪᠦᠮᠪᠦᠷᠴᠡᠭ᠌ ᠤᠨ ᠠᠮᠢ ᠨᠠᠰᠤ ᠣᠬᠤᠷ ᠪᠣᠯᠬᠤ ᠶᠢ ᠳᠦᠷᠭᠡᠳᠭᠡᠨ᠂ ᠪᠦᠮᠪᠦᠷᠴᠡᠭ᠌ ᠤᠨ ᠰᠥᠨᠦᠭᠦ ᠠᠶᠤᠯ ᠢ ᠨᠡᠮᠡᠭ᠍ᠳᠡᠭᠦᠯᠦᠨ᠎ᠡ》 (4)ᠭᠡᠰᠡᠨ᠂ ᠡᠺᠦᠯᠦᠭᠢ ᠶᠢᠨ ᠰᠤᠳᠤᠯᠭᠠᠨ ᠤ ᠡᠷᠳᠡᠮᠳᠡᠳ ᠤᠨ ᠰᠢᠡᠵᠢᠯᠡᠭᠦᠢ ᠣᠬᠠᠭᠠᠠᠴᠢ ᠨᠤᠳᠠᠯᠠᠯ ᠮᠠᠭᠠᠤᠠᠯᠠᠯ ᠪᠠᠢ᠌ᠳᠠᠭ ᠰᠠᠨ᠃

ᠡᠢ᠌ᠮᠤ ᠡᠴᠡ᠂ 《ᠪᠠᠢ᠌ᠭᠠᠯᠢ ᠡᠺᠦᠯᠦᠭᠢ᠂ ᠰᠤᠶᠤᠯ ᠳᠡᠦᠭᠡ ᠣᠷᠤᠭᠤ ᠴᠢᠭᠯᠡᠭ᠍ᠰᠡᠨ ᠪᠣᠳᠤᠯᠭ᠎ᠠ ᠪᠣᠯ ᠮᠤᠩᠭ᠋ᠤᠯ ᠦᠨᠳᠦᠰᠦᠳᠠᠨ ᠣᠷᠤᠰᠢᠬᠤ ᠶᠢᠨ ᠳᠦᠯᠭᠢᠭᠦᠷ ᠦᠨᠳᠦᠰᠦ ᠶᠠᠭᠠᠭᠢᠬᠤ ᠶᠢᠨ ᠠᠷᠭ᠎ᠠ ᠦᠭᠡᠶ ᠮᠦᠨ ᠠᠵᠠᠢ》 (5) ᠭᠡᠳᠡᠭ᠌ ᠢ ᠪᠢᠳᠠ᠂ ᠨᠢᠭᠡᠨ ᠳᠠᠯ᠎ᠠ ᠡᠴᠡ ᠣᠢ᠌ᠯᠭᠠᠵᠤ ᠮᠡᠳᠡᠭᠦ ᠴᠢᠬᠤᠯᠠ ᠲᠡᠶ ᠶᠤᠮ᠃

ᠪᠣᠷᠤᠳᠤ ᠶᠢᠨ ᠭᠤᠷᠪᠠᠨ ᠱᠤᠪᠣᠭᠤᠷ᠂ ᠪᠣᠯᠢᠶᠠᠯᠳᠤᠵᠤ ᠡᠷᠭᠡᠯᠡᠭᠦᠯᠦᠭ᠍ᠰᠡᠨ ᠨᠤᠳᠤᠭ ᠮᠢᠨᠢ︕ ᠳᠠᠨ ᠳᠠᠭᠠᠨ ᠦᠷ᠎ᠡ ᠴᠢᠨᠢ ᠰᠥᠭᠦᠳᠤᠨ ᠮᠥᠷᠭᠦᠶ᠎ᠡ᠄ ᠡᠯᠢᠭᠡᠨ ᠳᠡᠭᠡᠨ ᠳᠠᠪᠠᠷᠢᠵᠤ᠂ ᠠᠷᠤ ᠳᠠᠭᠠᠨ ᠡᠭᠦᠷᠦᠭ᠍ᠰᠡᠨ ᠦᠷ᠎ᠡ ᠬᠣᠢ᠌ᠴᠢᠰ ᠶᠢᠡᠨ ᠬᠠᠮᠠᠭᠠᠯᠠᠵᠤ᠂ ᠣᠬᠠᠭᠠᠨ ᠳᠤᠠᠳᠠᠷᠴᠤ ᠪᠣᠳᠤᠯ ᠳᠠᠴᠢᠷᠳᠠᠭᠰᠠᠨ ᠭᠠᠵᠠᠷ ᠢ ᠮᠠᠨᠢ ᠪᠦᠳᠤᠨ ᠪᠣᠯᠭᠠᠵᠤ ᠣᠬᠠᠭᠠᠨ ᠣᠷᠤᠭᠤᠯᠵᠤ ᠬᠠᠢ᠌ᠷᠠᠯᠠᠭᠠᠴᠢ︕ ᠡᠪ ᠤᠨ ᠡᠷᠴᠢ ᠪᠠᠷ ᠪᠦᠭᠦᠨ ᠶᠢ ᠮᠠᠨᠢ ᠡᠪᠯᠡᠭᠦᠯᠤᠨ ᠴᠢᠩᠭ᠋ᠠᠯᠠᠴᠢ ︕


ᠵᠡᠭᠦᠯᠳᠡ

(1) 《ᠠᠮᠢ ᠠᠬᠤᠢ ᠶᠢᠨ ᠳᠡᠩᠴᠡᠭᠦᠷᠢ ᠶᠢᠨ ᠠᠵᠤ ᠠᠬᠤᠢ》 ᠴᠤᠪᠣᠷᠠᠯ ᠨᠤᠮ (ᠭᠢᠳᠠᠤᠨ)

(2) 1988ᠣᠨ ᠤ 《ᠪᠣᠯᠤᠷ ᠴᠤᠮᠤ》 ᠵᠢᠨ ᠡᠵᠡᠨ ᠢᠷᠠᠭᠤ ᠨᠠᠢ᠌ᠷᠠᠭᠴᠢ ᠴ·ᠴᠢᠮᠠᠤᠠᠳᠤᠷᠵᠢ᠃

(3) 《ᠭᠦᠮᠤᠨ ᠲᠦᠷᠦᠯᠭᠢᠳᠠᠨ ᠤ ᠰᠤᠳᠤᠯᠭᠠᠨ》 ᠊ᠤ ᠥᠭᠦᠯᠡᠯ (ᠭᠢᠳᠠᠤᠨ)

(4) 《ᠡᠺᠦᠯᠦᠭᠢ ᠶᠢᠨ ᠰᠤᠳᠤᠯᠭᠠᠨ》 ᠊ᠤ ᠥᠭᠦᠯᠡᠯ

(5) ᠢᠷᠠᠭᠤ ᠨᠠᠢ᠌ᠷᠠᠭᠴᠢ ᠡᠷᠳᠡᠮᠳᠡᠨ ᠭᠡ᠊·ᠪᠠᠦᠡᠮᠰᠡᠮᠪᠦᠤ


(2001ᠣᠨ ᠳᠤ 《ᠭᠦᠯᠤᠨ ᠪᠣᠢ᠌ᠷ ᠰᠤᠨᠢᠨ》 ᠳ᠋ᠤ ᠨᠡᠢ᠌ᠳᠡᠯᠡᠭ᠍ᠰᠡᠨ ᠵᠤᠬᠢᠶᠠᠯ ᠶᠢᠡᠨ ᠵᠠᠰᠠᠨ ᠨᠠᠢ᠌ᠳᠠᠯᠠᠪᠠᠢ᠃)

ᠵᠤᠬᠢᠶᠠᠭᠴᠢ᠄ ᠥᠭᠡᠯᠡᠳ ᠭᠠᠯᠳᠠᠨ
ᠢᠷᠡᠯᠲᠡ᠄ ᠥᠭᠡᠯᠡᠳ ᠭᠠᠯᠳᠠᠨ
ᠬᠠᠷᠢᠶ᠎ᠠ᠄ ᠨᠠᠢᠷᠠᠭᠤᠯᠤᠯ
ᠳᠠᠷᠤᠮ᠄ 6402
ᠴᠠᠭ᠄ 2007 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ