ᠨᠡᠪᠲᠡᠷᠡᠨ ᠤᠷᠤᠬᠤ
ᠭᠦᠭᠡᠷᠦᠭᠡᠨ ᠵᠢᠭᠡᠡᠴᠢᠷ ᠠᠠᠵᠢᠯ᠎ᠠ

ᠣᠢ ᠶᠢᠨ ᠪᠠᠶᠠᠷ ᠵᠢᠠᠷ

ᠳᠦᠮᠳᠠᠴᠢᠵᠤ ᠠᠯᠬᠤᠭᠰᠠᠨ

ᠠᠠᠵᠢᠯ᠎ᠠ ᠦᠬᠢᠨ

ᠥᠭᠡᠨ ᠳ᠋ᠤ ᠣᠷᠤᠭ᠎ᠠ ᠦᠭᠡᠶ ᠴᠤ

ᠣᠪᠣᠷ ᠶᠢᠡᠨ ᠢᠯᠡᠳᠭᠡᠳᠡᠭ᠌

ᠠᠭᠤᠷ ᠨᠢ ᠭᠦᠷᠪᠠᠯ

ᠠᠮᠠᠨ ᠳᠠᠭᠠᠨ ᠲᠦᠳᠦᠨᠡᠵᠤ

ᠣᠴᠠᠭᠠᠷ ᠭᠦᠷᠦᠭ᠍ᠰᠡᠨ ᠵᠢᠠᠨ

ᠭᠦᠮᠤᠨ ᠳᠤ ᠳᠠᠨᠢᠭᠤᠯᠳᠠᠭ︕

ᠠᠯᠭᠠᠨ ᠪᠦᠮᠪᠦᠭᠡ ᠶᠢ ᠨᠢ

ᠡᠩᠭᠡᠷ ᠲᠡᠭᠡᠨ ᠨᠢᠭᠤᠬᠤ ᠳ᠋ᠤ

ᠭᠦᠯᠦᠭᠡᠨ ᠡᠴᠠ ᠳᠡᠭᠡᠷ᠎ᠡ

ᠬᠠᠢ᠌ᠭᠠᠤᠨ ᠣᠯᠳᠠᠭ︕

ᠭᠦᠮᠤᠨ ᠤ ᠴᠠᠭᠠᠭᠠᠤᠷ

ᠳᠠᠯᠳᠠᠯᠠᠬᠤ ᠪᠠᠨ ᠮᠠᠳᠠᠵᠤ

ᠨᠢᠭᠤᠬᠤ ᠶᠢᠨ ᠣᠴᠢᠷ ᠢ

ᠳᠠᠨᠢᠵᠤ ᠠᠪᠳᠠᠭ︕

ᠥᠭ᠍ᠳᠡᠭ᠍ᠰᠡᠨ ᠪᠦᠭᠦᠳᠡ ᠵᠢ

ᠳᠠᠮᠳᠠᠷᠢᠵᠤ ᠦᠵᠡᠨ

ᠡᠨᠡ ᠬᠤᠷᠸ᠎ᠠ ᠵᠢ

ᠳᠠᠨᠢᠵᠤ ᠶᠠᠪᠣᠳᠠᠭ︕

ᠳᠠᠭᠤᠨ ᠤ ᠰᠢᠩᠭᠡᠭᠡᠯᠳᠡ ᠶᠢᠨ

ᠠᠶ᠎ᠠ ᠶᠢ ᠳᠠᠭᠠᠵᠤ

ᠳᠤᠭᠳᠠᠪᠣᠷᠢ ᠦᠭᠡᠶ ᠪᠠᠶ᠎ᠠ ᠪᠠᠨ

ᠮᠤᠰᠭᠢᠵᠤ ᠴᠤ ᠥᠵᠡᠳᠡᠭ᠌

ᠣᠴᠢᠷ ᠥᠭᠡᠢ

ᠣᠬᠠᠭᠠᠨ ᠲᠡᠶ ᠦᠬᠢᠨ

ᠣᠴᠢᠷ ᠳᠠᠢ

ᠵᠤᠷᠢᠭ ᠶᠢᠡᠷ ᠬᠡᠦᠬᠡᠳ︕

ᠬᠡᠦᠬᠡᠳ ᠤᠨ ᠪᠣᠢ ᠳ᠋ᠤ

ᠭᠡᠷ ᠳᠤᠠᠳᠠᠷᠠᠳᠠᠭ ᠥᠭᠡᠢ

ᠬᠡᠦᠬᠡᠳ ᠤᠨ ᠢᠨᠢᠶᠠᠳᠤ ᠳ᠋ᠤ

ᠵᠢᠷᠭᠠᠯ ᠳᠦᠭᠦᠷᠳᠡᠭ᠌ ᠡ︕


2010.12.13


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2622
ᠴᠠᠭ᠄ 2010 ᠤᠨ ᠤ 12 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ