ᠨᠡᠪᠲᠡᠷᠡᠨ ᠤᠷᠤᠬᠤ
ᠬᠠᠪ ᠬᠠᠷᠠᠩᠭ᠋ᠤᠢ ᠠᠷᠪᠠᠨ ᠳᠠᠪᠤᠨ ᠤ ᠰᠦᠨᠢ

ᠰᠠᠷᠠᠨ ᠤ ᠳᠤᠤᠷ᠎ᠠ ᠭᠡᠨ ᠨᠢᠭᠡᠨ ᠢ ᠡᠩᠰᠡᠷᠡᠳᠡᠯ᠎ᠡ ᠰᠠᠨᠠᠬᠤ ᠳ᠋ᠤ

ᠰᠡᠳᠭᠢᠯ ᠤᠨ ᠳᠤᠳᠤᠷ᠎ᠠ ᠬᠠᠪ ᠬᠠᠷᠠᠩᠭ᠋ᠤᠢ

ᠰᠠᠢ᠌ᠬᠠᠨ ᠪᠦᠭᠦᠳᠡ ᠶᠢ ᠰᠡᠳᠭᠢᠯ ᠳᠤ ᠪᠠᠨ ᠣᠷᠭᠤᠭᠤᠯᠵᠤ ᠭᠤᠨᠢᠭ ᠳᠠᠪᠴᠢᠨ ᠣᠢ᠌ᠤᠠᠬᠠᠷ ᠥᠯᠳᠡᠭᠦ ᠶᠢ ᠰᠠᠨᠠᠪᠠᠴᠤ

ᠪᠢ ᠬᠠᠰᠢᠯᠠ ᠭᠠᠪ ᠭᠠᠭᠴᠠᠭᠠᠷ

ᠦᠷᠦᠭᠡᠨ ᠳᠤ ᠬᠠᠪ ᠬᠠᠷᠠᠩᠭ᠋ᠤᠢ ᠭᠡᠪ ᠶᠢᠡᠷ

ᠮᠡᠳᠡᠭ᠍ᠳᠡᠮ᠎ᠡ ᠦᠭᠡᠶ ᠭᠦᠪ ᠬᠦᠩᠭᠡᠨ ᠭᠤᠨᠢᠭ ᠪᠠᠢ᠌ᠳᠠᠯ᠎ᠠ ᠪᠠᠨ

ᠨᠠᠮ᠎ᠠ ᠶᠢ ᠠᠮᠢᠰᠬᠤᠬᠤ ᠳᠡᠩᠭᠡᠯ ᠦᠭᠡᠶ ᠳᠠᠷᠤᠨ᠎ᠠ

ᠣᠷᠴᠢᠨ ᠡᠴᠠ ᠪᠠᠨ ᠪᠢ ᠳᠤᠰᠠᠭᠠᠷᠯᠠᠪᠠ ᠤᠤ

ᠣᠷᠴᠢᠯᠠᠩ ᠨᠠᠮ᠎ᠠ ᠶᠢ ᠳᠤᠰᠠᠭᠠᠷᠯᠠᠪᠠ ᠤᠤ


ᠮᠢᠩᠭ᠋ᠠᠨ ᠭᠠᠯᠪᠠ ᠶᠢᠨ ᠵᠤᠷᠰᠢᠯ ᠶᠤᠰᠤ ᠪᠠᠷ ᠰᠠᠷᠠᠨ ᠳᠡᠷᠭᠡᠯᠰᠢᠵᠤ ᠳᠤᠯᠠᠢ᠌ᠵᠤ ᠪᠠᠢ᠌ᠭᠰᠠᠨ ᠴᠤ

ᠮᠢᠨᠤ ᠳᠤᠳᠤᠷ᠎ᠠ ᠬᠠᠪ ᠬᠠᠷᠠᠩᠭ᠋ᠤᠢ

ᠵᠡᠭᠡᠯᠢ ᠪᠠᠷ ᠢᠪᠠᠷᠠᠵᠤ ᠶᠠᠪᠣᠭ᠎ᠠ ᠭᠦᠮᠤᠨ ᠤ ᠣᠷᠤᠰᠬᠠᠯ ᠢ ᠳᠠᠭᠠᠵᠤ ᠣᠷᠤᠰᠬᠤ ᠳ᠋ᠤ

ᠰᠡᠳᠭᠢᠯ ᠳᠤ ᠪᠠᠰᠠᠯᠠ ᠬᠠᠪ ᠬᠠᠷᠠᠩᠭ᠋ᠤᠢ

ᠭᠡᠨ ᠤ ᠴᠤ ᠨᠢᠭᠤᠷ ᠳᠡᠭᠡᠷ᠎ᠡ ᠢᠨᠢᠶᠠᠳᠤ ᠠᠯᠠᠭ᠎ᠠ

ᠭᠡᠨ ᠤ ᠴᠤ ᠠᠯᠠᠭᠠᠨ ᠳᠤ ᠢᠯᠴᠢ ᠠᠯᠠᠭ᠎ᠠ ᠪᠠᠢ᠌ᠬ᠎ᠠ

ᠣᠭᠳᠠᠷᠭᠤᠢ ᠳᠤ ᠭᠡᠷᠡᠯ ᠰᠠᠳᠠᠷᠠᠵᠤ ᠴᠡᠴᠡᠭ᠌ ᠵᠠᠳᠠᠷᠠᠵᠤ

ᠦᠶ᠎ᠡ ᠦᠶ᠎ᠡ ᠨᠢᠵᠢᠭᠢᠨᠡᠭ᠍ᠰᠡᠨ ᠳᠠᠭᠤᠨ ᠰᠢᠨ᠎ᠡ ᠣᠨ ᠢ ᠳᠤᠩᠬᠠᠭᠯᠠᠵᠤ ᠪᠠᠢ᠌ᠭᠰᠠᠨ ᠴᠤ

ᠳᠠᠷᠠ ᠭᠡᠷᠡᠯ᠂ ᠳᠠᠷᠠ ᠭᠡᠭᠡ ᠮᠢᠨᠤᠭᠢ ᠪᠢᠰᠢ

ᠳᠠᠷᠠ ᠭᠡᠷᠡᠯ᠂ ᠳᠠᠷᠠ ᠭᠡᠭᠡ ᠨᠠᠮ᠎ᠠ ᠶᠢ ᠳᠠᠨᠢᠬᠤ ᠥᠭᠡᠢ

ᠭᠡᠨᠡᠳᠲᠡ ᠴᠢᠦᠡᠭᠦᠷ ᠳᠤᠯᠢᠶᠠᠭᠰᠠᠨ ᠰᠢᠭ ᠳᠠᠷᠠ ᠭᠡᠭᠡ ᠵᠠᠮᠬᠠᠷᠠᠨ᠎ᠠ

ᠬᠤᠷᠤᠮᠬᠠᠨ᠎ᠠ ᠵᠠᠮᠬᠠᠷᠠᠨ᠎ᠠ ᠁   

ᠬᠠᠪ ᠬᠠᠷᠠᠩᠭ᠋ᠤᠢ ᠁   

                  2011.2.19


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2011 ᠤᠨ ᠤ 02 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ