☆ ᠳᠠᠷᠬᠠᠤᠨ ᠤᠨ ᠭᠡ·ᠬᠠᠰᠤ᠋ᠶᠠᠩᠭᠠ
ᠨᠥᠭᠦᠷᠯᠡᠯ ᠤᠨ ᠰᠢᠯᠦᠭ᠌
᠊᠊᠊᠊᠊᠊᠊᠊᠊᠊᠊᠊᠊᠊᠊ ᠬᠠᠩᠭᠢᠨ ᠤ ᠰᠣ᠊·ᠦᠨᠡᠠᠴᠢ ᠳ᠋ᠤ
ᠦᠷ ᠤᠨ ᠶᠠᠭᠠᠬᠠᠨ ᠳᠤᠯᠤᠩ ᠬᠠᠷᠠᠵᠤ
ᠥᠨᠡᠡᠴᠢᠭᠡᠨ ᠳᠤᠷᠮᠣᠢ᠌ᠬᠤ ᠰᠢᠯᠦᠭ᠌ ᠤᠳ ᠢ ᠴᠢᠨᠢ
ᠡᠭᠦᠯᠡ ᠪᠣᠶᠤ ᠰᠤᠯᠤᠩᠭ᠎ᠠ ᠪᠠᠷ ᠳᠠᠨᠢᠵᠤ ᠣᠩᠰᠢᠬᠤ ᠳ᠋ᠤ
ᠡᠮᠵᠡᠭᠭᠡᠨ ᠵᠢᠷᠦᠭᠡᠨ ᠤ ᠲᠦᠯᠤ
ᠡᠭᠡ ᠣᠷᠤᠨ ᠤ ᠴᠠᠯ ᠨᠤᠭᠤᠭᠠᠨ ᠮᠤᠳᠤ ᠪᠣᠯᠵᠤ ᠴᠡᠯᠭᠡᠷᠡᠨᠡ
ᠳᠠᠩᠴᠢ ᠡᠷᠳᠡᠯᠡᠵᠤ ᠱᠠᠭᠢᠭᠰᠠᠨ
ᠡᠨᠡ ᠬᠠᠪᠣᠷ ᠤᠨ ᠤᠭ᠍ᠶᠤ ᠴᠡᠩᠭᠡᠷ ᠪᠣᠷᠤᠭ᠎ᠠ ᠰᠢᠭ
ᠳᠠᠪᠠᠯ ᠲᠡᠶ ᠮᠤᠩᠭ᠋ᠤᠯ ᠡᠷ᠎ᠡ ᠶᠢᠨ ᠢᠨᠢᠶᠡᠮᠰᠦᠭᠯᠡᠯ
ᠡᠵᠢ ᠶᠢᠨ ᠰᠦᠨ ᠴᠠᠭᠠᠨ ᠬᠠᠷᠠᠴᠠ ᠰᠢᠭ
ᠦᠷᠯᠦᠭᠡ ᠪᠣᠯᠭᠠᠨ ᠴᠢᠨᠤ ᠰᠢᠯᠦᠭ᠌
ᠥᠩᠭᠡ ᠪᠦᠷᠢ ᠶᠢᠨ ᠰᠤᠪᠣᠤᠨ ᠪᠣᠯᠵᠤ ᠠᠰᠬᠠᠷᠠᠨ᠎ᠠ
ᠣᠢ᠌ᠤᠠᠬᠠᠷ ᠪᠣᠭᠢᠨᠢᠳᠤᠯ ᠡᠴᠡ ᠳᠠᠰᠤᠷᠠᠨ ᠣᠳᠤᠭᠰᠠᠨ ᠰᠡᠳᠭᠢᠯ ᠤᠨ ᠴᠢᠮᠡᠭᠡ ᠵᠢ
ᠠᠯᠠᠭᠠᠨ ᠳᠡᠭᠡᠷ᠎ᠡ ᠪᠠᠨ ᠡᠩᠭᠦᠷᠡᠢ᠌ᠯᠡᠨ ᠳᠤᠰᠬᠤ ᠳ᠋ᠤ
ᠠᠮᠠᠷᠠᠭ ᠨᠡᠭᠦᠳᠡᠯ ᠤᠨ ᠳᠠᠮᠤᠯᠤᠨ ᠭᠦᠭᠡ ᠳᠠᠯ᠎ᠠ
ᠠᠷᠤ ᠭᠠᠵᠠᠷ ᠤᠨ ᠴᠡᠩᠭᠡᠷ ᠲᠦᠯᠤ ᠳᠡᠭᠡᠷ᠎ᠡ ᠰᠤᠠᠳᠤᠷᠯᠠᠬᠤ ᠪᠦᠷᠦᠢ
ᠴᠢᠮᠡᠭᠡ ᠦᠭᠡᠶ ᠶᠢᠨ ᠴᠠᠭᠠᠨ᠎ᠠ ᠰᠡᠮᠭᠡᠨ ᠠᠢ᠌ᠰᠤᠢ
ᠴᠡᠴᠡᠭ᠌ ᠤᠨ ᠦᠨᠦᠷᠳᠠᠢ ᠮᠠᠷᠭᠠᠰᠢ ᠶᠢᠨ ᠨᠢᠭᠤᠴᠠ ᠪᠦᠭᠦᠨ ᠳᠡᠯᠭᠡᠷᠡᠨ᠎ᠡ
2010᠂ 4᠂ 1 ᠬᠦᠬᠡᠬᠤᠲᠠᠨ᠎ᠡ
ᠵᠤᠬᠢᠶᠠᠭᠴᠢ ᠶᠢᠨ ᠬᠠᠶᠢᠭ ᠄ ᠬᠦᠬᠡᠬᠤᠲᠠ
ᠵᠤᠬᠢᠶᠠᠭᠴᠢ᠄ ᠳᠠᠷᠬᠠᠤᠨ ᠤᠨ ᠭᠡ·ᠬᠠᠰᠤ᠋ᠶᠠᠩᠭᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2649
ᠴᠠᠭ᠄ 2010 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ