ᠨᠡᠪᠲᠡᠷᠡᠨ ᠤᠷᠤᠬᠤ
ᠥᠰᠦᠷᠦᠭ᠍ᠰᠡᠨ ᠴᠢᠰᠤ᠂ ᠳᠠᠰᠤᠷᠠᠭᠰᠠᠨ ᠮᠢᠬ᠎ᠠ

ᠵᠠᠪᠠ ᠨᠡᠮᠢᠨᠦᠧ ᠊᠊᠊᠊᠊᠊᠊᠊᠊᠊᠊᠊᠊᠊᠊ ᠪᠦᠷᠭᠢᠨᠦᠧ

(ᠮᠤᠩᠭ᠋ᠤᠯ) ᠳᠤᠳᠤ ᠣᠪᠣᠭᠳᠤ ᠯ · ᠪᠠᠭᠠᠳᠤᠷ᠂

ᠭᠡᠦᠭᠡᠨᠦᠳ ᠣᠪᠣᠭᠳᠤ ᠬ · ᠪᠠᠳᠦᠮᠥᠩᠭᠡ ᠥᠩᠭᠡᠷᠡᠭ᠍ᠰᠡᠨ ᠳᠡᠦᠭᠡᠨ ᠡᠴᠡ ᠣᠯᠪᠠᠭᠠᠯᠠᠵᠤ ᠥᠵᠡᠭᠦ ᠳᠤ ᠳᠤᠷᠭᠤᠳ ᠨᠢ ᠳᠡᠯᠡᠭᠡᠢ ᠶᠢᠨ ᠣᠯᠤᠰ ᠲᠦᠮᠡᠨ ᠨᠤᠭᠦᠳ ᠤᠨ ᠳᠤᠳᠤᠷ᠎ᠠ ᠬᠠᠮᠤᠭ ᠤᠨ ᠶᠡᠭᠡ ᠠᠳᠠᠷᠠᠮ᠎ᠠ ᠲᠡᠶ ᠳᠡᠦᠭᠡᠨ ᠵᠠᠮ ᠳᠤᠭᠤᠯᠵᠠᠢ᠃

1370 ᠊ᠭᠠᠤᠨ ᠣᠨ ᠤ ᠦᠶ᠎ᠡ ᠳᠤ ᠮᠤᠩᠭ᠋ᠤᠯ ᠤᠨ ᠲᠦᠪ ᠭᠡᠰᠡᠭ᠌ ᠡᠴᠡ ᠦᠷᠦᠨ᠎ᠠ ᠵᠥᠭ᠌ ᠣᠷᠤᠭᠤ ᠨᠡᠭᠦᠵᠤ ᠠᠯᠳᠠᠢ ᠶᠢᠨ ᠦᠪᠣᠷ᠂ ᠰᠢᠠᠵᠢᠶᠠᠩ᠂ ᠬᠦᠬᠡ‍ᠨᠠᠭᠤᠷ ᠤᠨ ᠣᠷᠴᠢᠮ ᠶᠢᠡᠷ ᠨᠤᠳᠤᠭᠯᠠᠵᠤ ᠪᠠᠢ᠌ᠭᠠᠤᠨ ᠠᠷᠪᠠᠨ ᠳᠤᠯᠤᠳᠤᠭᠠᠷ ᠵᠠᠭᠤᠨ ᠤ ᠳᠤᠮᠳᠠᠭᠤᠷ ᠰᠢᠪᠢᠷᠢ ᠶᠢᠨ ᠡᠮᠦᠨᠡᠳᠤ ᠭᠡᠰᠡᠭ᠌ ᠶᠢᠡᠷ ᠳᠠᠮᠵᠢᠨ ᠢᠵᠢᠯ ᠮᠦᠷᠠᠨ ᠤ ᠰᠠᠪᠠ ᠭᠠᠵᠠᠷ᠎ᠠ ᠣᠴᠢᠵᠤ ᠠᠮᠢᠳᠤᠷᠠᠵᠠᠢ᠃ ᠳᠤᠷᠭᠤᠳ ᠤᠨ ᠨᠤᠶᠠᠨ ᠬᠤ᠋ ᠥᠷᠯᠦᠭ᠌ 1607 ᠣᠨ ᠳᠤ ᠬᠤᠪᠣᠭᠰᠠᠢ᠌ᠷ᠂ ᠡᠮᠡᠯ ᠳᠤ ᠣᠷᠢᠤᠠᠴᠢᠯᠠᠭᠰᠠᠨ ᠳᠠᠩᠳᠠᠯᠳᠠ ᠭᠢᠵᠤ᠂ ᠮᠡᠳᠡᠭᠡᠯᠡᠯ ᠠᠪᠣᠭᠰᠠᠨ ᠤ ᠦᠨᠳᠦᠰᠦᠨ ᠳᠡᠭᠡᠷ᠎ᠡ ᠵᠤᠭᠢᠬᠤ ᠪᠡᠯᠡᠳᠭᠡᠯ ᠲᠡᠶ ᠪᠠᠷ ᠠᠭᠠᠵᠢᠮ ᠨᠡᠭᠦᠳᠡᠯᠯᠡᠭᠦ ᠳᠤ 250 ᠮᠢᠩᠭ᠋᠎ᠠ ᠣᠷᠴᠢᠮ ᠣᠢ᠌ᠷᠠᠤᠨ ᠤᠳ ᠬᠠᠮᠤᠷᠤᠭᠳᠠᠵᠤ 1630 ᠣᠨ ᠤ ᠦᠶ᠎ᠡ ᠳᠤ ᠢᠵᠢᠯ ᠮᠦᠷᠠᠨ ᠤ ᠦᠷᠡᠵᠢᠯ ᠰᠢᠮ᠎ᠠ ᠲᠡᠶ ᠨᠤᠳᠤᠭ ᠲᠤ ᠣᠴᠢᠵᠤ ᠰᠠᠭᠤᠷᠢᠰᠢᠵᠠᠢ᠃ ᠳᠠᠳᠠ ᠦᠪᠡᠷᠰᠠᠤᠨ ᠢ ᠪᠠᠨ 《ᠬᠠᠯᠢᠮᠠᠭ》 ᠭᠡᠮᠡᠨ ᠨᠡᠷᠡᠯᠡᠭ᠍ᠰᠡᠨ ᠪᠠᠢ᠌ᠳᠠᠭ᠃ ᠡᠳᠦᠭᠡ ᠮᠤᠩᠭ᠋ᠤᠯ ᠣᠯᠤᠰ ᠲᠤ 14800᠂ ᠣᠷᠤᠰ ᠤᠨ ᠬᠤᠯᠪᠣᠭᠠᠨ ᠤ ᠣᠯᠤᠰ ᠲᠤ ᠬᠠᠯᠢᠮᠠᠭ ᠲᠤ 170000᠂ ᠠᠯᠳᠠᠢ ᠶᠢᠨ ᠭᠢᠵᠠᠭᠠᠷ ᠲᠤ 1100᠂ ᠺᠠᠽᠠᠺᠰᠲ᠋ᠠᠨ ᠳᠤ 310᠂ ᠦᠽᠪᠸᠺᠰᠲ᠋ᠠᠨ ᠳᠤ 310᠂ ᠪᠦᠭᠦᠳᠡ ᠨᠠᠢ᠌ᠷᠠᠮᠳᠠᠬᠤ ᠭᠢᠳᠠᠤᠨ ᠠᠷᠠᠤᠨ ᠣᠯᠤᠰ ᠤᠨ ᠰᠢᠠᠵᠢᠶᠠᠩ ᠳᠤ 48000᠂ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠳᠤ 150᠂ ᠭᠦᠭᠡ ᠨᠠᠭᠤᠷ ᠲᠤ 210᠂ ᠳᠠᠢ᠌ᠸᠠᠨ ᠳᠤ 500᠂ ᠹᠷᠠᠠᠼᠢ ᠳᠤ 390᠂ ᠴᠸᠺ ᠣᠯᠤᠰ ᠲᠤ 140᠂ ᠺᠠᠨᠠᠳᠠ᠂ ᠭᠧᠷᠮᠡᠨ᠂ ᠪᠣᠯᠭᠠᠷᠢ᠂ ᠪᠧᠯᠭᠢ᠂ ᠢᠰᠫᠠᠨᠢ ᠵᠡᠷᠭᠡ ᠣᠯᠤᠰ ᠲᠤ 100᠂ ᠳᠡᠯᠡᠭᠡᠢ ᠳ᠋ᠠᠭᠢᠨ ᠳᠤ ᠣᠢ᠌ᠷᠠᠯᠴᠠᠭ᠎ᠠ ᠪᠠᠷ 237298 ᠣᠷᠴᠢᠮ ᠳᠤᠷᠭᠤᠳ ᠶᠠᠰᠤᠳᠠᠨ ᠠᠮᠢᠳᠤᠷᠠᠵᠤ ᠪᠠᠢ᠌ᠭ᠎ᠠ ᠶᠢ ᠣᠯᠠᠭᠠᠠᠪᠠᠭᠠᠳᠤᠷ ᠳᠠᠭᠢ 《ᠳᠤᠷᠭᠤᠳ ᠰᠤᠳᠤᠯᠤᠯ ᠤᠨ ᠬᠤᠯᠪᠣᠭ᠎ᠠ》 ᠡᠴᠡ ᠭᠠᠷᠭᠠᠭᠰᠠᠨ 《ᠳᠤᠷᠭᠤᠳ ᠳᠤᠪᠴᠢᠶᠠᠨ》 ᠪᠦᠳᠦᠭᠡᠯ ᠳᠤ ᠳᠡᠮᠳᠡᠭᠯᠡᠵᠡᠢ᠃ ᠡᠳᠡᠭᠡᠷ ᠳᠤᠷᠭᠤᠳ ᠶᠠᠰᠤᠳᠠᠨ ᠨᠤᠭᠤᠳ ᠤᠨ ᠨᠢᠭᠡ ᠠᠮᠸᠷᠢᠺᠠ ᠶᠢᠨ ᠨᠢᠭᠡᠳᠦᠭ᠍ᠰᠡᠨ ᠣᠯᠤᠰ ᠲᠤ ᠠᠮᠢᠳᠤᠷᠠᠵᠤ ᠪᠣᠢ ᠫᠷᠤᠹᠧᠰᠰᠤᠷ ᠵᠠᠪᠠ ᠨᠡᠮᠢᠨᠦᠧ ᠪᠦᠷᠭᠢᠨᠦᠧ ᠤᠨ ᠳᠤᠬᠠᠢ ᠳᠤᠪᠴᠢ ᠥᠭᠦᠯᠡᠭᠦ ᠭᠡᠰᠡᠨ ᠪᠢᠯᠠ᠃ ᠳᠠᠷᠠ ᠪᠠᠷ ᠶᠦᠭᠤᠰᠯᠠᠸᠢᠶ᠎ᠠ ᠳᠤ ᠴᠠᠭᠠᠴᠢᠯᠠᠨ ᠰᠠᠭᠤᠭᠴᠢ ᠬᠠᠯᠢᠮᠠᠭ ᠭᠡᠷ ᠪᠦᠯᠢ ᠳᠤ ᠲᠦᠷᠦᠵᠤ ᠦᠰᠦᠨ᠂ ᠸᠢᠶ‍ᠸᠨᠠ ᠪᠣᠯᠤᠨ ᠫᠠᠷᠢᠰ ᠤᠨ ᠶᠡᠭᠡ ᠰᠤᠷᠭᠠᠭᠤᠯᠢ ᠨᠤᠭᠤᠳ ᠢ ᠭᠢᠮᠢᠴᠢ ᠊᠊᠊᠊᠊᠊᠊᠊᠊᠊᠊᠊᠊᠊᠊ ᠳᠸᠭ᠍ᠨᠦᠯᠦᠭᠢ ᠶᠢᠨ ᠮᠡᠷᠭᠡᠵᠢᠯ ᠶᠢᠡᠷ ᠳᠦᠭᠦᠷᠭᠡᠵᠤ 1951 ᠣᠨ ᠡᠴᠡ ᠠᠮᠸᠷᠢᠺᠠ ᠶᠢᠨ ᠨᠢᠭᠡᠳᠦᠭ᠍ᠰᠡᠨ ᠣᠯᠤᠰ ᠤᠨ ᠢᠷᠭᠡᠨ ᠪᠣᠯᠵᠠᠢ᠃ ᠵᠠᠪᠠ ᠳᠤᠬᠠᠢ ᠶᠢᠨ ᠦᠶ᠎ᠡ ᠳᠤ ᠵᠦᠪᠯᠠᠯᠳᠤ ᠬᠤᠯᠪᠣᠭᠠᠳᠤ ᠣᠯᠤᠰ ᠤᠨ ᠬᠠᠪᠴᠢᠯᠭᠠᠨ ᠳᠤ ᠪᠠᠢ᠌ᠭᠰᠠᠨ ᠬᠠᠯᠢᠮᠠᠭ ᠪᠣᠯᠤᠨ ᠪᠣᠰᠤᠳ ᠠᠷᠠᠤᠨ ᠲᠦᠮᠡᠨ ᠢ ᠴᠠᠭᠠᠳᠬᠠᠬᠤ ᠠᠵᠢᠯ ᠤᠨ ᠳᠦᠯᠦᠭᠡ ᠢᠳᠠᠪᠭᠢᠳᠠᠢ ᠳᠡᠮᠡᠴᠡᠭ᠍ᠴᠢ ᠪᠠᠢ᠌ᠭᠰᠠᠨ ᠪᠦᠭᠡᠳ ᠦᠪᠡᠷ ᠤᠨ ᠳᠠᠮᠠᠴᠠᠯ ᠤᠨ ᠣᠢ᠌ᠯᠠ ᠠᠵᠢᠯᠯᠠᠭ᠎ᠠ ᠶᠢ ᠳᠡᠯᠡᠭᠡᠢ ᠶᠢᠨ ᠪᠣᠰᠤᠳ ᠣᠷᠤᠨ ᠨᠤᠭᠤᠳ ᠤᠨ ᠠᠷᠠᠳᠴᠢᠯᠠᠯ ᠤᠨ ᠳᠦᠯᠦᠭᠡ ᠳᠡᠮᠡᠴᠡᠭ᠍ᠴᠢ ᠲᠦᠷᠦ ᠶᠢᠨ ᠪᠣᠰᠤ ᠪᠠᠢ᠌ᠭᠤᠯᠭ᠎ᠠ ᠨᠤᠭᠤᠳ ᠲᠡᠶ ᠳᠠᠭᠤ ᠬᠤᠭᠤᠯᠠᠢ ᠪᠠᠨ ᠨᠢᠭᠡᠳᠭᠡᠨ ᠣᠷᠤᠯᠴᠠᠭᠤᠯᠵᠤ ᠪᠠᠢ᠌ᠪᠠ᠃ ᠳᠠᠷᠠ ᠳᠤᠮᠳᠠ ᠪᠠᠨ ᠵᠠᠪᠠ ᠨᠠᠮᠢᠨᠤᠸᠢᠴ᠂ ᠰᠲ᠋ᠠᠯᠢᠨ ᠤ ᠴᠥᠯᠡᠯᠭᠡ ᠶᠢᠨ ᠦᠶ᠎ᠡ ᠪᠠᠷ᠂ ᠦᠪᠡᠷ ᠤᠨ ᠡᠭᠡ ᠣᠷᠤᠨ ᠡᠴᠡ ᠪᠠᠨ ᠭᠦᠭᠡᠭᠡᠭ᠍ᠳᠡᠨ᠂ ᠴᠥᠯᠡᠭ᠍ᠳᠡᠭ᠍ᠰᠡᠨ ᠠᠷᠠᠤᠨ ᠲᠦᠮᠡᠨ ᠢ ᠴᠠᠭᠠᠳᠬᠠᠬᠤ᠂ ᠡᠭᠡ ᠣᠷᠤᠨ ᠳᠤ ᠨᠢ ᠪᠣᠴᠠᠭᠠᠨ ᠰᠠᠭᠤᠷᠢᠰᠢᠭᠤᠯᠬᠤ ᠣᠢ᠌ᠯᠠ ᠠᠵᠢᠯᠯᠠᠭ᠎ᠠ ᠶᠢ ᠬᠠᠢ᠌ᠬᠤᠷᠤᠨ ᠵᠢᠦᠡᠭᠦᠵᠤ᠂ ᠡᠭᠦᠨ ᠳᠡᠭᠡᠨ ᠠᠮᠸᠷᠢᠺᠠ ᠶᠢᠨ ᠳᠤᠰᠠᠯᠠᠯᠴᠠᠭ᠎ᠠ ᠶᠢ ᠠᠪᠴᠤ ᠠᠵᠢᠯᠯᠠᠭᠰᠠᠨ ᠪᠠᠢ᠌ᠨ᠎ᠠ᠃ ᠡᠨᠡ ᠨᠢ ᠳᠡᠭᠦᠨ ᠤ ᠭᠢᠴᠢᠶᠠᠯ ᠵᠢᠦᠡᠭᠦᠯ ᠤᠨ ᠡᠭᠢᠯᠡᠯ ᠪᠠᠢ᠌ᠯ᠎ᠠ᠃ ᠳᠡᠭᠦᠨ ᠤ ᠣᠢ᠌ᠯᠠ ᠠᠵᠢᠯᠯᠠᠭ᠎ᠠ ᠥᠷᠭᠡᠵᠢᠵᠤ ᠬᠠᠯᠢᠮᠠᠭ᠂ ᠪᠣᠷᠢᠶᠠᠤᠨ᠂ ᠮᠤᠩᠭ᠋ᠤᠯ ᠤᠨ ᠠᠷᠠᠤᠨ ᠲᠦᠮᠡᠨ ᠤ ᠭᠦᠭ᠍ᠵᠢᠯ ᠳᠤ ᠨᠠᠮᠠᠷᠢ ᠪᠣᠯᠬᠣᠢ᠌ᠴᠠ 《ᠮᠤᠩᠭ᠋ᠤᠯ ᠤᠨ ᠠᠷᠠᠤᠨ ᠲᠦᠮᠡᠨ》 ᠨᠠᠷ᠎ᠠ ᠲᠡᠶ ᠵᠠ᠊ · ᠨᠡᠮᠢᠨᠦᠧ ᠊᠊᠊᠊᠊᠊᠊᠊᠊᠊᠊᠊᠊᠊᠊ ᠪᠦᠷᠭᠢᠨᠦᠧ ᠤᠨ ᠨᠠᠷᠠᠮᠵᠢᠳᠤ ᠰᠠᠩ ᠪᠠᠢ᠌ᠭᠤᠯᠵᠤ ᠵᠠᠷᠢᠮ ᠵᠠᠯᠠᠭᠤᠴᠤᠳ ᠲᠤ ᠠᠮᠸᠷᠢᠺᠠ ᠳᠤ ᠲᠡᠳᠬᠦᠯᠭᠡ ᠪᠠᠷ ᠢᠷᠠᠵᠤ ᠰᠤᠷᠤᠯᠴᠠᠬᠤ ᠪᠣᠯᠤᠮᠵᠢ ᠶᠢ ᠪᠦᠷᠢᠳᠦᠭᠦᠯᠦᠭ᠍ᠰᠡᠨ ᠪᠠᠢ᠌ᠨ᠎ᠠ᠃ ᠠᠮᠸᠷᠢᠺᠠ ᠳᠤ ᠪᠠᠺᠠᠯᠠᠪᠠᠷ ᠤᠨ ᠵᠡᠷᠭᠡ ᠭᠤᠷᠢᠯᠠᠬᠤ ᠪᠣᠶᠤ ᠡᠡᠩᠭᠯᠢ ᠭᠡᠯᠡ ᠰᠤᠳᠤᠯᠬᠤ ᠪᠠᠷ ᠰᠤᠷᠤᠯᠴᠠᠵᠤ ᠪᠣᠢ ᠪᠣᠷᠢᠶᠠᠤᠨ᠂ ᠮᠤᠩᠭ᠋ᠤᠯ᠂ ᠬᠠᠯᠢᠮᠠᠭ ᠣᠯᠤᠰ ᠤᠨ ᠣᠶᠤᠳᠠᠨ ᠨᠤᠭᠤᠳ ᠲᠤ ᠲᠡᠳᠬᠦᠯᠭᠡ ᠱᠠᠩᠨᠠᠯ ᠢ ᠣᠯᠭᠤᠬᠤ ᠪᠣᠯᠤᠮᠵᠢ ᠶᠢ ᠪᠦᠷᠢᠳᠦᠭᠦᠯᠦᠭ᠍ᠰᠡᠨ ᠪᠠᠢ᠌ᠨ᠎ᠠ᠃ ᠵᠠᠪᠠ ᠨᠡᠮᠢᠨᠦᠧ ᠬᠠᠯᠢᠮᠠᠭ ᠤᠨ ᠠᠷᠠᠤᠨ ᠲᠦᠮᠡᠨ ᠤ ᠴᠥᠯᠡᠯᠭᠡ ᠶᠢᠨ 60 ᠵᠢᠯ ᠤᠨ ᠣᠢ ᠶᠢ ᠲᠤᠬᠢᠶᠠᠯᠳᠤᠭᠤᠯᠤᠨ ᠬᠠᠯᠢᠮᠠᠭ ᠤᠨ ᠶᠡᠭᠡ ᠰᠤᠷᠭᠠᠭᠤᠯᠢ ᠡᠴᠡ ᠭᠠᠷᠭᠠᠭᠰᠠᠨ 《ᠳᠠᠯ᠎ᠠ ᠳᠤ ᠭᠢᠯᠠᠯᠵᠠᠬᠤ ᠣᠳᠤ》᠂ 《ᠬᠠᠯᠢᠮᠠᠭ ᠤᠨ ᠭᠦᠭ᠍ᠵᠢᠯ᠂ ᠦᠨᠦ ᠶᠢᠨ ᠳᠦᠷᠭᠦ》᠂ 《ᠶᠠᠭᠤ ᠪᠣᠯᠤᠭᠰᠠᠨ ᠢ ᠪᠢᠳᠠ ᠮᠠᠷᠳᠠᠬᠤ ᠦᠭᠡᠶ᠁》᠂ 《ᠬᠠᠯᠢᠮᠠᠭ ᠤᠨ ᠶᠡᠭᠡ ᠰᠤᠷᠭᠠᠭᠤᠯᠢ ᠶᠢᠨ ᠳᠡᠦᠭᠡ ᠪᠠ ᠰᠢᠡᠵᠢᠯᠡᠭᠦ ᠣᠬᠠᠭᠠᠨ ᠳᠤ ᠣᠷᠤᠭᠤᠯᠤᠭᠰᠠᠨ ᠬᠤᠪᠢ ᠨᠠᠮᠠᠷᠢ》 ᠵᠡᠷᠭᠡ ᠴᠤᠪᠣᠷᠠᠯ ᠨᠤᠮ ᠤᠳ᠂ ᠮᠦᠨ ᠶᠡᠭᠡ ᠰᠤᠷᠭᠠᠭᠤᠯᠢ ᠪᠠᠢ᠌ᠭᠤᠯᠤᠭᠳᠠᠭᠰᠠᠨ 35 ᠵᠢᠯ ᠤᠨ ᠣᠢ ᠶᠢᠨ ᠠᠷᠭ᠎ᠠ ᠭᠡᠮᠵᠢᠶ᠎ᠡ ᠶᠢᠨ ᠭᠦᠷᠢᠶᠡᠨ ᠤ 《ᠪᠣᠯᠪᠠᠰᠤᠷᠠᠯ ᠤᠨ ᠰᠢᠰᠲ᠋ᠸᠮ ᠪᠠ ᠢᠷᠭᠡᠨ ᠤ ᠨᠡᠢ᠌ᠭᠡᠮ ᠳ᠋ᠠᠭᠢ ᠪᠠᠶ᠎ᠠ ᠭᠦᠮᠤᠨ ᠤ ᠭᠦᠭ᠍ᠵᠢᠯ᠄ ᠦᠨᠳᠦᠰᠦᠳᠠᠨ ᠤ ᠪᠣᠯᠤᠨ ᠣᠯᠠᠮᠵᠢᠯᠠᠯᠳᠤ ᠦᠵᠡᠯ》᠂ 《ᠳᠠᠶᠠᠭᠠᠷᠴᠢᠯᠠᠭᠳᠠᠵᠤ ᠪᠣᠢ ᠳᠡᠯᠡᠭᠡᠢ ᠶ‍ᠢᠷᠳᠢᠠᠴᠤ ᠳ᠋ᠠᠭᠢ ᠮᠤᠩᠭ᠋ᠤᠯᠴᠤᠳ᠂ ᠨᠡᠢ᠌ᠭᠡᠮ ᠡᠳ᠋ ᠤᠨ ᠵᠠᠰᠠᠭ᠂ ᠡᠺᠦᠯᠦᠭᠢ ᠶᠢᠨ ᠠᠰᠠᠭᠤᠳᠠᠯ ᠤᠳ》 ᠭᠡᠰᠡᠨ ᠭᠤᠷᠪᠠᠨ ᠳᠠᠳ᠋ ᠠᠰᠠᠭᠤᠳᠠᠯ ᠲᠡᠶ 《ᠠᠽᠢ ᠶᠢᠨ ᠭᠢᠨ ᠧᠥᠷᠦᠫᠡ ᠳᠤ᠄ ᠰᠤᠶᠤᠯ ᠤᠨ ᠬᠠᠷᠢᠯᠴᠠᠨ ᠣᠢ᠌ᠯᠠᠴᠢᠯᠠᠯᠴᠠᠯ》 ᠣᠯᠠᠨ ᠣᠯᠤᠰ ᠤᠨ ᠴᠢᠭᠤᠯᠭ᠎ᠠ ᠠᠭᠤᠯᠵᠠᠯᠳᠠ ᠶᠢ ᠵᠤᠬᠢᠶᠠᠨ ᠪᠠᠢ᠌ᠭᠤᠯᠬᠤ ᠳᠤ ᠣᠷᠤᠯᠴᠠᠵᠠᠢ᠃ ᠡᠨᠡ ᠭᠦ ᠠᠷᠭ᠎ᠠ ᠭᠡᠮᠵᠢᠶᠡᠨ ᠳᠤ ᠣᠷᠤᠰ ᠤᠨ ᠬᠤᠯᠪᠣᠭᠠᠨ ᠤ ᠣᠯᠤᠰ ᠤᠨ ᠬᠣᠢ᠌ᠳᠤ ᠺᠠᠤᠺᠠᠰ ᠤᠨ ᠶᠡᠭᠡ ᠰᠤᠷᠭᠠᠭᠤᠯᠢ᠂ ᠮᠤᠩᠭ᠋ᠤᠯ ᠤᠨ ᠶᠡᠭᠡ ᠰᠤᠷᠭᠠᠭᠤᠯᠢ ᠡᠴᠡ ᠰᠤᠳᠤᠯᠭᠠᠴᠢᠳ ᠣᠷᠤᠯᠴᠠᠭᠰᠠᠨ ᠪᠠᠢ᠌ᠨ᠎ᠠ᠃ ᠵᠠᠪᠠ ᠨᠡᠮᠢᠨᠦᠧ ᠪᠦᠷᠭᠢᠨᠦᠧ ᠠᠯᠢᠪᠠ ᠣᠯᠤᠰ ᠦᠪᠡᠷ ᠤᠨ ᠳᠤᠳᠤᠷᠬᠠᠢ᠌ᠯᠠᠮᠵᠢ ᠠᠯᠳᠠᠬᠤ ᠨᠥᠭᠦᠴᠡᠯ ᠨᠢ ᠳᠡᠭᠦᠨ ᠤ ᠭᠢᠯᠢᠯᠠᠨ ᠣᠷᠤᠰᠢᠭᠴᠢ ᠪᠣᠶᠤ ᠲᠦᠷᠦ ᠵᠠᠰᠠᠭ ᠢ ᠪᠠᠷᠢᠭᠴᠢ᠂ ᠨᠤᠶᠠᠷᠬᠠᠭᠴᠢ ᠭᠦᠮᠤᠨ ᠠᠮᠠ᠂ ᠭᠡᠯᠡ ᠶᠠᠷᠢᠶ᠎ᠠ ᠪᠠᠢ᠌ᠳᠠᠭ ᠪᠠᠢ᠌ᠨ᠎ᠠ᠃ ᠵᠠᠪᠠ ᠨᠡᠮᠢᠨᠦᠧ ᠪᠦᠷᠭᠢᠨᠦᠧ ᠤᠨ ᠡᠴᠢᠭᠡ ᠡᠭᠡ᠂ ᠡᠮᠡᠭᠡ ᠡᠪᠦᠭᠡ ᠨᠢ ᠣᠷᠤᠰ ᠤᠨ ᠬᠤᠯᠪᠣᠭᠠᠨ ᠤ ᠣᠯᠤᠰ ᠲᠤ ᠰᠢᠯᠵᠢᠨ ᠰᠠᠭᠤᠷᠢᠰᠢᠭᠴᠢ ᠠᠷᠠᠤᠨ ᠲᠦᠮᠡᠨ ᠤ ᠬᠠᠮᠤᠭ ᠤᠨ ᠠᠬᠠᠮᠠᠤᠨ ᠦᠶ᠎ᠡ ᠨᠢ ᠪᠦᠭᠡᠳ ᠬᠠᠷ᠎ᠠ ᠪᠠᠭ᠎ᠠ ᠨᠠᠰᠤᠨ ᠡᠴᠡ ᠪᠠᠨ ᠣᠷᠤᠰ ᠶᠢᠡᠷ ᠶᠠᠷᠢᠵᠤ ᠰᠤᠷᠤᠭᠰᠠᠨ ᠨᠢ ᠦᠨᠳᠦᠰᠦᠨ ᠤ ᠭᠡᠯᠡ ᠪᠠᠷ ᠶᠢᠡᠨ ᠶᠠᠷᠢᠬᠤ ᠱᠠᠭᠠᠷᠳᠠᠯᠭ᠎ᠠ ᠭᠠᠷᠤᠭ᠎ᠠ ᠦᠭᠡᠶ᠂ ᠱᠠᠭᠠᠷᠳᠠᠯᠭ᠎ᠠ ᠲᠡᠶ ᠭᠡᠵᠤ ᠴᠤ ᠪᠣᠳᠤᠭ᠎ᠠ ᠦᠭᠡᠶ ᠲᠡᠶ ᠬᠤᠯᠪᠣᠭ᠎ᠠ ᠲᠡᠶ ᠶᠤᠮ᠃ ᠡᠭᠦᠨ ᠤ ᠳ᠋ᠦ᠋ᠩ ᠳᠤ ᠣᠷᠤᠰ ᠳᠠᠭᠢ ᠮᠤᠩᠭ᠋ᠤᠯ ᠣᠭᠰᠠᠭᠠᠳᠠᠨ ᠨᠤᠭᠤᠳ ᠵᠥᠪᠭᠡᠨ ᠣᠷᠤᠰ ᠶᠢᠡᠷ ᠯᠠ ᠶᠠᠷᠢᠵᠤ᠂ ᠪᠢᠳᠠᠨ ᠤ ᠡᠪᠦᠭᠡ ᠡᠮᠡᠭᠡ ᠳᠤ ᠪᠢᠳᠠᠨ ᠲᠡᠶ 《ᠦᠪᠡᠷ ᠤᠨ ᠮᠤᠩᠭ᠋ᠤᠯ ᠭᠡᠯᠡ ᠪᠠᠷ》 ᠣᠢ᠌ᠯᠠᠭᠠᠯᠴᠠᠬᠤ ᠨᠢᠭᠡ ᠭᠡᠰᠡᠭ᠌ ᠵᠤᠷᠪᠣᠰ ᠦᠶ᠎ᠡ ᠯᠠ ᠣᠯᠳᠠᠭᠰᠠᠨ ᠶᠤᠮ᠃ ᠣᠷᠴᠢᠨ ᠦᠶ᠎ᠡ ᠳᠤ ᠠᠮᠸᠷᠢᠺᠠ ᠪᠣᠯᠤᠨ ᠪᠣᠰᠤᠳ ᠣᠯᠤᠰ ᠲᠤ ᠴᠠᠭᠠᠴᠢᠯᠠᠨ ᠭᠠᠷᠤᠭᠰᠠᠨ ᠮᠤᠩᠭ᠋ᠤᠯᠴᠤᠳ ᠲᠤ ᠳᠡᠭᠡᠷᠡᠭᠢ ᠪᠠᠢ᠌ᠳᠠᠯ ᠳᠠᠪᠳᠠᠭᠳᠠᠵᠤ ᠪᠠᠢ᠌ᠨ᠎ᠠ ᠭᠡᠵᠤ ᠦᠵᠡᠵᠠᠢ᠃ ᠪᠢᠳᠠᠨ ᠤ ᠦᠷ᠎ᠡ ᠬᠡᠦᠬᠡᠳ ᠠᠴᠢ ᠨᠡᠷ ᠡᠡᠩᠭᠯᠢ ᠭᠡᠯᠡ ᠶᠢ ᠮᠠᠰᠢ ᠬᠤᠷᠳᠤᠨ ᠡᠵᠡᠮᠰᠢᠵᠤ᠂ ᠠᠵᠠ ᠳᠠᠭᠠᠷᠠᠪᠠᠯ ᠶᠡᠭᠡᠩᠭᠢ ᠨᠢ ᠮᠤᠩᠭ᠋ᠤᠯ ᠭᠡᠯᠡ ᠪᠠᠨ ᠣᠢ᠌ᠯᠠᠭᠠᠳᠠᠭ ᠴᠤ ᠴᠢᠯᠦᠭᠡᠳᠡᠢ ᠶᠠᠷᠢᠵᠤ ᠴᠢᠳᠠᠳᠠᠭ ᠦᠭᠡᠶ᠂ 《ᠡᠴᠢᠭᠡ ᠡᠭᠡ》 ᠪᠦᠷ ᠳᠠᠳᠠᠨ ᠤ ᠮᠤᠩᠭ᠋ᠤᠯ ᠭᠡᠯᠡ ᠳᠡᠭᠡᠷ᠎ᠡ ᠨᠤᠮ ᠣᠩᠰᠢᠬᠤ ᠶᠢ ᠢᠤᠠᠬᠠᠭᠠᠤᠨ ᠪᠠᠢ᠌ᠳᠠᠭ ᠦᠭᠡᠶ᠃ ᠡᠢ᠌ᠮᠤ ᠡᠴᠡ ᠣᠳᠤ ᠦᠶ᠎ᠡ ᠳᠤ ᠦᠪᠡᠷ ᠤᠨ ᠠᠴᠢ᠂ ᠵᠢᠭᠡ ᠨᠡᠷ ᠲᠡᠶ ᠪᠠᠨ ᠲᠦᠷᠦᠯᠭᠢ ᠭᠡᠯᠡ ᠪᠠᠷ ᠶᠠᠷᠢᠬᠤ ᠪᠠᠷᠤᠭ ᠪᠣᠯᠤᠮᠵᠢ ᠦᠭᠡᠶ ᠪᠣᠯᠵᠤ ᠪᠠᠢ᠌ᠨ᠎ᠠ᠃ ᠣᠴᠢᠷ ᠨᠢ ᠳᠠᠳᠠᠨ ᠤ ᠬᠤᠪᠢ ᠳᠤ ᠡᠡᠩᠭᠯᠢ ᠭᠡᠯᠡ ᠲᠦᠷᠦᠯᠭᠢ ᠭᠡᠯᠡ ᠨᠢ ᠪᠣᠯᠤᠭᠠᠤᠨ ᠪᠠᠢ᠌ᠭ᠎ᠠ ᠶᠤᠮ᠃ ᠦᠨᠳᠦᠰᠦᠨ ᠤ ᠭᠡᠯᠡ ᠣᠰᠠᠳᠴᠤ᠂ ᠠᠭᠤᠰᠴᠤ ᠪᠠᠢ᠌ᠭ᠎ᠠ ᠶᠠᠪᠣᠳᠠᠯ᠂ ᠵᠠᠯᠠᠭᠤᠰ ᠤᠨ ᠪᠣᠯᠪᠠᠰᠤᠷᠠᠯ ᠳᠤ ᠳᠤᠯᠭᠠᠷᠠᠵᠤ ᠪᠠᠢ᠌ᠭ᠎ᠠ ᠠᠰᠠᠭᠤᠳᠠᠯ ᠤᠳ ᠭᠡᠳᠡᠭ᠌ ᠢ ᠵᠠᠪᠠ ᠣᠯᠠᠨ ᠵᠢᠯ ᠤᠨ ᠳᠤᠷᠰᠢ ᠭᠠᠰᠢᠭᠤᠳᠠᠨ ᠶᠠᠷᠢᠭᠰᠠᠭᠠᠷ ᠪᠠᠢ᠌ᠨ᠎ᠠ᠃ ᠵᠢᠱᠢᠶ᠎ᠠ ᠨᠢ᠄ ᠦᠪᠣᠷ ᠮᠤᠩᠭ᠋ᠤᠯᠴᠤᠳ ᠤᠨ ᠦᠨᠳᠦᠰᠦᠨ ᠭᠡᠯᠡ ᠠᠷᠠᠤᠨ ᠲᠦᠮᠡᠨ ᠤ ᠣᠷᠤᠰ ᠭᠡᠯᠡ ᠪᠣᠯᠤᠭᠠᠤᠨ ᠪᠠᠢ᠌ᠭ᠎ᠠ ᠶᠢ ᠭᠡᠨ ᠪᠦᠭᠦᠨ ᠮᠠᠳᠠᠨ᠎ᠠ (ᠣᠭ ᠡᠭᠡ ᠳᠤ ᠡᠢ᠌ᠮᠤ ᠊᠊᠊᠊᠊᠊᠊᠊᠊᠊᠊᠊᠊᠊᠊ ᠭᠦᠷᠪᠠᠭᠦᠯᠦᠭ᠍ᠴᠢ ᠡᠴᠡ)᠃ ᠡᠨᠡ ᠨᠢ ᠦᠨᠳᠦᠰᠦᠳᠠᠨ ᠮᠥᠭᠦᠭᠦ ᠡᠭᠢᠨ ᠤ ᠪᠦᠭᠡᠳ ᠴᠢᠬᠤᠯᠠ ᠰᠢᠠᠵᠢ ᠮᠦᠨ ᠶᠤᠮ᠃ ᠡᠨᠡ ᠨᠢ ᠳᠡᠭᠡᠭᠡᠳ ᠮᠠᠭᠤ ᠦᠦ᠂ ᠰᠠᠢ᠌ᠨ ᠦᠦ︖ ᠁ ᠭᠡᠳᠡᠭ᠌ ᠢ ᠵᠠᠪᠠ ᠪᠦᠷᠭᠢᠨᠦᠸᠢᠴ ᠡᠢ᠌ᠨ ᠭᠦ ᠳᠤᠳᠤᠷᠬᠠᠢ᠌ᠯᠠᠵᠠᠢ᠃ ᠠᠭᠤᠰᠤᠯ ᠭᠡᠳᠡᠭ᠌ ᠨᠢ ᠳᠡᠭᠦᠨ ᠡᠴᠡ ᠬᠠᠮᠢᠭᠠᠰᠢ ᠪᠠᠨ ᠴᠤ ᠵᠠᠢ᠌ᠯᠬᠤ ᠪᠣᠯᠤᠮᠵᠢ ᠦᠭᠡᠶ ᠴᠠᠭ ᠦᠶ᠎ᠡ ᠶᠢᠨ ᠢᠯᠠᠷᠠᠯ ᠶᠤᠮ᠃ ᠳᠠᠢ᠌ᠮᠤ ᠡᠴᠡ ᠦᠪᠡᠷᠰᠠᠤᠨ ᠤᠨ ᠣᠯᠠᠮᠵᠢᠯᠠᠯ ᠶᠢᠡᠨ ᠨᠠᠩ ᠳᠡᠷᠢᠭᠦᠨ ᠳᠤ ᠬᠡᠦᠬᠡᠳ᠂ ᠵᠠᠯᠠᠭᠤᠴᠤᠳ ᠲᠤ ᠪᠠᠭ᠎ᠠ ᠡᠴᠡ ᠨᠢ ᠥᠪᠯᠡᠭᠦᠯᠭᠦ ᠠᠷᠭ᠎ᠠ ᠵᠠᠮ ᠢ ᠬᠠᠢ᠌ᠬᠤ ᠭᠡᠷᠡᠭ᠍ᠳᠡᠢ᠃ ᠬᠠᠷᠢᠨ ᠶᠠᠮᠠᠷ ᠵᠠᠮ ᠶᠢᠡᠷ ᠭᠡᠳᠡᠭ᠌ ᠢ ᠦᠨᠦᠳᠤᠷ ᠭᠡᠨ ᠴᠤ ᠣᠯᠵᠤ ᠴᠢᠳᠠᠭ᠎ᠠ ᠦᠭᠡᠶ᠂ ᠳᠠᠢ᠌ᠮᠤ ᠯᠠ ᠭᠦᠡᠳᠤ ᠠᠰᠠᠭᠤᠳᠠᠯ ᠪᠣᠯᠤᠭᠠᠤᠨ ᠪᠠᠢ᠌ᠨ᠎ᠠ ᠭᠡᠵᠤ ᠦᠵᠡᠵᠠᠢ᠃ ᠵᠠᠪᠠ ᠪᠦᠷᠭᠢᠨᠦᠸᠢᠴ ᠨᠢ ᠧᠥᠷᠦᠫᠡ ᠳᠤ ᠲᠦᠷᠦᠵᠤ᠂ ᠦᠪᠡᠷ ᠤᠨ ᠪᠦᠭᠦᠢ᠌ᠯᠠ ᠠᠮᠢᠳᠤᠷᠠᠯ ᠶᠢᠡᠨ ᠠᠮᠸᠷᠢᠺᠠ ᠳᠤ ᠥᠩᠭᠡᠷᠡᠭᠡᠭ᠍ᠰᠡᠨ ᠪᠣᠯᠪᠠᠴᠤ ᠡᠴᠢᠭᠡ ᠡᠭᠡ ᠶᠢᠨ ᠶᠢᠡᠨ ᠶᠠᠷᠢᠵᠤ ᠪᠠᠢ᠌ᠭᠰᠠᠨ ᠮᠤᠩᠭ᠋ᠤᠯ ᠭᠡᠯᠡ ᠶᠢ ᠬᠠᠮᠠᠭᠠᠯᠠᠨ᠂ ᠲᠦᠷᠦᠯᠭᠢ ᠭᠡᠯᠡ ᠶᠢ ᠮᠡᠳᠡᠭᠦ ᠦᠭᠡᠶ ᠦᠰᠴᠦ ᠪᠣᠢ ᠵᠠᠯᠠᠭᠤᠴᠤᠳ ᠤᠨ ᠳᠦᠯᠦᠭᠡ ᠰᠡᠳᠭᠢᠯ ᠨᠢ ᠵᠤᠪᠠᠨᠢᠭᠰᠠᠭᠠᠷ ᠪᠠᠢ᠌ᠭ᠎ᠠ ᠪᠢᠯᠠ᠃ ᠳᠠᠷᠠ ᠪᠠᠷ ᠬᠣᠢ᠌ᠴᠢ ᠦᠶ᠎ᠡ ᠶᠢᠨ ᠮᠤᠩᠭ᠋ᠤᠯ ᠣᠭᠰᠠᠭᠠᠳᠠᠨ ᠨᠤᠭᠤᠳ ᠲᠠᠭᠠᠨ ᠡᠨᠡ ᠭᠦ ᠨᠠᠷᠢᠨ ᠨᠠᠠᠳᠢᠨ ᠠᠰᠠᠭᠤᠳᠠᠯ ᠢ ᠮᠠᠳᠠᠵᠤ ᠣᠢ᠌ᠯᠠᠭᠠᠬᠤ ᠶᠢ ᠵᠠᠭᠢᠵᠤ ᠪᠠᠢ᠌ᠨ᠎ᠠ᠃ ᠬᠠᠯᠢᠮᠠᠭ ᠊᠊᠊᠊᠊᠊᠊᠊᠊᠊᠊᠊᠊᠊᠊ ᠪᠣᠷᠢᠶᠠᠤᠨ ᠤᠨ ᠣᠯᠤᠰ ᠤᠨ ᠶᠡᠭᠡ ᠰᠤᠷᠭᠠᠭᠤᠯᠢ ᠶᠢᠨ ᠵᠥᠪᠯᠡᠭᠦ ᠵᠠᠪᠠ ᠨᠡᠮᠢᠨᠦᠧ ᠪᠦᠷᠭᠢᠨᠦᠧ ᠲᠤ ᠬᠠᠯᠢᠮᠠᠭ ᠤᠨ ᠠᠷᠠᠤᠨ ᠲᠦᠮᠡᠨ ᠬᠠᠯᠢᠮᠠᠭ ᠤᠨ ᠭᠦᠡᠳᠦᠳᠤ ᠢᠷᠭᠡᠨ ᠴᠤᠯᠠ ᠪᠠᠨ ᠣᠯᠭᠤᠭᠰᠠᠨ ᠪᠦᠭᠡᠳ 2000 ᠣᠨ ᠳᠤ ᠬᠠᠯᠢᠮᠠᠭ ᠊᠊᠊᠊᠊᠊᠊᠊᠊᠊᠊᠊᠊᠊᠊ ᠪᠣᠷᠢᠶᠠᠤᠨ ᠤᠨ ᠣᠯᠤᠰ ᠤᠨ ᠶᠡᠭᠡ ᠰᠤᠷᠭᠠᠭᠤᠯᠢ ᠶᠢᠨ ᠫᠷᠤᠹᠧᠰᠰᠤᠷ ᠤᠳ ᠤᠨ ᠪᠠᠭ ᠨᠤᠪᠧᠯ ᠤᠨ ᠱᠠᠳᠤᠨ ᠳᠤ ᠨᠠᠷ᠎ᠠ ᠳᠡᠪᠰᠢᠭᠦᠯᠵᠤ ᠪᠠᠢ᠌ᠭᠰᠠᠨ ᠪᠠᠢ᠌ᠨ᠎ᠠ᠃ ᠣᠳᠤ ᠵᠠᠪᠠ ᠨᠡᠮᠢᠨᠦᠧ ᠪᠦᠷᠭᠢᠨᠦᠧ ᠠᠮᠸᠷᠢᠺᠠ ᠶᠢᠨ ᠺᠦᠯᠤᠷᠠᠳᠤ᠋ ᠮᠤᠵᠢ ᠶᠢᠨ ᠳ᠋ᠸᠨᠪᠧᠷ ᠮᠤᠩᠭ᠋ᠤᠯᠴᠤᠳ ᠲᠡᠶ ᠪᠠᠨ ᠬᠤᠯᠪᠣᠭ᠎ᠠ ᠲᠡᠶ ᠠᠮᠢᠳᠤᠷᠠᠵᠤ ᠪᠠᠢ᠌ᠨ᠎ᠠ᠃ ᠳᠡᠭᠦᠨ ᠤ ᠮᠤᠩᠭ᠋ᠤᠯ ᠶᠢᠡᠨ ᠭᠡᠰᠡᠨ ᠰᠡᠳᠭᠢᠯ᠂ ᠴᠢᠷᠮᠠᠢ᠌ᠯᠳᠠ ᠶᠢ ᠪᠢᠳᠠ ᠮᠠᠷᠳᠠᠬᠤ ᠶᠤᠰᠤ ᠦᠭᠡᠶ᠃


Sonin mn ᠡᠴᠡ ᠭᠦᠷᠪᠠᠭᠦᠯᠪᠡ᠃ (ᠬᠠᠯᠬ᠎ᠠ ᠶᠢᠨ ᠥᠭᠡᠯᠡᠳ ᠰᠤᠳᠤᠯᠭᠠᠠᠠᠨ ᠤ ᠪᠠᠭᠰᠢ ᠪᠠᠳᠤᠳᠤᠯᠭ᠎ᠠ ᠬᠠᠩᠭ᠋ᠠᠪᠠ)

ᠵᠤᠬᠢᠶᠠᠭᠴᠢ᠄ ᠪᠠᠭᠠᠳᠤᠷ·ᠪᠠᠳᠦᠮᠥᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7539
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ