ᠨᠡᠪᠲᠡᠷᠡᠨ ᠤᠷᠤᠬᠤ
ᠠᠷᠠᠤᠨ ᠤᠨ ᠳᠠᠭᠤᠤ

ᠳᠤᠯᠤᠭᠠᠨ ᠨᠤᠲ᠋ ᠶᠢᠨ ᠳᠡᠭᠦᠰ ᠠᠶᠠᠯᠠᠭᠤ ᠲ᠋ᠠᠢ

ᠳᠠᠪᠢᠯᠠᠩ ᠵᠠᠶᠠᠭᠠᠨ ᠤ ᠣᠶᠠᠷᠠᠯᠳᠤ ᠭᠦᠦᠷᠨᠢᠯ ᠳᠠᠢ

ᠳᠠᠢ᠌ᠴᠢᠨ ᠡᠷᠡᠴᠦᠦᠯ ᠤᠨ ᠣᠮᠤᠭᠳᠤ ᠮᠠᠭᠳᠠᠭᠠᠯ ᠳᠠᠢ

ᠳᠤᠷ᠎ᠠ ᠭᠦᠰᠡᠯ ᠤᠨ ᠬᠠᠢ᠌ᠷ᠎ᠠ ᠶᠢᠨ ᠪᠣᠯᠵᠤᠭ᠎ᠠ ᠳᠠᠢ

ᠠᠷᠠᠤᠨ ᠤᠨ ᠳᠠᠭᠤᠤ ᠮᠢᠨᠢ

ᠠᠷᠠᠤᠨ ᠲᠦᠮᠡᠨ ᠪᠢᠳᠠᠨ ᠤ ᠳᠠᠭᠤᠤ ︕

ᠢᠳᠡᠷᠡᠭᠦᠨ ᠰᠦᠷᠯᠢᠭ᠌ ᠭᠦᠭ᠌ ᠠᠢ᠌ᠵᠠᠮ ᠳ᠋ᠤᠨᠢ

ᠠᠭᠤᠯᠠ ᠳᠠᠯ᠎ᠠ ᠭᠦᠩᠭᠢᠨᠡᠨ ᠱᠤᠤᠭᠢᠨ᠎ᠠ

ᠣᠷᠠᠨ ᠭᠤᠴᠤ ᠣᠶᠠᠷᠠᠯᠳᠤ ᠨᠤᠭᠤᠯᠭᠠᠨ ᠳ᠋ᠤᠨᠢ

《ᠡᠪᠦᠭᠡᠨ ᠰᠢᠪᠠᠭᠤ》 ᠨᠤᠳᠤᠭ ᠰᠠᠨᠠᠵᠤ ᠣᠶᠠᠷᠠᠨ᠎ᠠ


ᠦᠪ ᠰᠤᠶᠤᠯ ᠤᠨ ᠨᠤᠭᠤᠭᠠᠨ ᠨᠠᠪᠴᠢ

ᠠᠮᠢᠳᠤᠷᠠᠯ ᠳᠠᠮᠠᠴᠠᠯ ᠤᠨ ᠪᠣᠷᠤᠭᠵᠢᠭᠤᠨ ᠵᠢᠷᠤᠭ

ᠤᠶᠠᠩ‍ᠭ᠎ᠠ ᠰᠡᠳᠬᠢᠯᠭᠡ ᠶᠢᠨ ᠡᠭᠢᠨ ᠤ ᠳᠤᠭᠳᠤᠯᠤᠯ

ᠢᠷᠠᠭᠤ ᠨᠠᠢ᠌ᠷᠠᠭ ᠤᠨ ᠮᠠᠨᠢ ᠠᠩᠬᠠᠨ ᠤ ᠪᠠᠭᠰᠢ

ᠠᠷᠠᠤᠨ ᠤᠨ ᠲ᠋ᠠᠭᠤᠤ ᠮᠢᠨᠢ

ᠠᠷᠠᠤᠨ ᠲᠦᠮᠡᠨ ᠪᠢᠳᠠᠨ ᠤ ᠳᠠᠭᠤᠤ ︕

ᠠᠷᠠᠤᠨ ᠤᠨ ᠳᠠᠭᠤᠤ ᠪᠠᠨ ᠰᠤᠨᠤᠰᠤᠭᠠᠤᠨ ᠰᠠᠭᠤᠬᠤ ᠳ᠋ᠤ

ᠠᠳᠤᠤᠯᠢᠬᠠᠢ ᠴᠡᠭᠡᠵᠢ ᠳᠠᠯ᠎ᠠ ᠰᠢᠭ ᠠᠭᠤᠵᠢᠷᠠᠨ᠎ᠠ

ᠠᠷᠠᠤᠨ ᠤᠨ ᠳᠠᠭᠤᠤ ᠪᠠᠨ ᠳᠠᠭᠤᠯᠠᠭᠠᠤᠨ ᠶᠠᠪᠣᠬᠤ ᠳ᠋ᠤ

ᠡᠷᠴᠢ ᠵᠤᠷᠢᠭ ᠦᠶᠡᠷ ᠰᠢᠭ᠌ ᠳᠠᠪᠠᠯᠭᠠᠯᠠᠨ᠎ᠠ ᠁


ᠭᠦᠮᠤᠨ ᠵᠤᠨ ᠮᠠᠨᠢ ᠣᠶᠤᠨ ᠰᠠᠨᠠᠭᠠᠨ ᠤ ᠳᠠᠯᠠᠰ

ᠭᠦᠭᠡ ᠮᠤᠩᠭ᠋ᠤᠯ ᠤᠨ ᠣᠷ᠎ᠠ ᠰᠢᠮ᠎ᠠ ᠶᠢᠨ ᠳᠡᠭᠡᠵᠢ

ᠭᠦᠰᠡᠯ ᠮᠦᠷᠦᠭᠡᠳᠦᠯ ᠤᠨ ᠭᠢᠨᠢ ᠤᠶᠠᠩ‍ᠭ᠎ᠠ ᠶᠢᠨ ᠠᠯᠳᠠᠨ ᠴᠢᠪᠬᠠᠳᠠᠰᠤ

ᠭᠢᠯᠢᠩ ᠬᠤᠷᠤᠰᠤᠯ ᠤᠨ ᠭᠢᠨᠢ ᠵᠠᠨᠤᠯ ᠤᠨ ᠬᠤᠷᠴᠠ ᠰᠠᠯᠠᠠᠮ᠎ᠠ

ᠠᠷᠠᠤᠨ ᠤᠨ ᠳᠠᠭᠤᠤ ᠮᠢᠨᠢ

ᠠᠷᠠᠤᠨ ᠲᠦᠮᠡᠨ ᠪᠢᠳᠠᠨ ᠤ ᠳᠠᠭᠤᠤ ︕

ᠭᠠᠵᠠᠷ ᠣᠰᠤᠨ ᠳᠠᠭᠠᠨ ᠣᠷᠭᠤᠭᠰᠠᠨ ᠣᠷᠠᠯᠢᠭ ᠤᠨ ᠱᠠᠩᠰᠢ

ᠭᠠᠯᠪᠠ ᠳᠡᠯᠡᠭᠡᠢ ᠳᠡᠭᠡᠨ ᠭᠠᠢ᠌ᠬᠠᠭᠳᠠᠭᠰᠠᠨ ᠠᠮᠢᠳᠤ ᠭᠡᠯᠡ

ᠭᠡᠵᠢᠶᠡᠳᠡ ᠪᠠᠯᠠᠷᠠᠰᠢ ᠦᠭᠡᠶ ᠢᠷᠠᠭᠤ ᠡᠭᠡᠰᠢᠭ᠌ ᠤᠨ ᠰᠤᠨᠤᠰᠬᠤᠯᠠᠩ

ᠭᠡᠮᠵᠢᠶᠡᠯᠡᠵᠤ ᠳᠠᠢ᠌ᠯᠤᠰᠢ ᠦᠭᠡᠶ ᠪᠠᠶᠠᠨ ᠦᠪ ᠤᠨ ᠰᠠᠩ


ᠵᠤᠬᠢᠶᠠᠭᠴᠢ ᠶᠢᠨ ᠬᠠ‍‌ᠶᠢᠭ ᠄ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠢᠶᠠᠨ ᠠᠵᠢᠨᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2632
ᠴᠠᠭ᠄ 2012 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ