ᠨᠡᠪᠲᠡᠷᠡᠨ ᠤᠷᠤᠬᠤ
ᠮᠥᠮᠥ ᠳᠡᠭᠡᠨ ᠣᠴᠢᠶ᠎ᠠ

ᠡᠭᠡᠪᠦᠷ ᠳᠠᠯ᠎ᠠ ᠶᠢᠨ ᠬᠠᠢ᠌ᠯ ᠮᠥᠩᠭᠦᠷᠡᠵᠤ ᠪᠠᠢ᠌ᠨ᠎ᠠ᠂ ᠮᠥᠮᠥ ᠡ ︕

ᠡᠯᠢᠭᠡᠨ ᠬᠠᠢ᠌ᠷ᠎ᠠ ᠶᠢᠨ ᠰᠡᠳᠭᠢᠯ ᠣᠶᠠᠰᠴᠤ ᠪᠠᠢ᠌ᠨ᠎ᠠ᠂ ᠮᠥᠮᠥ ᠡ ︕

ᠬᠠᠪᠣᠷ ᠤᠨ ᠬᠠᠪᠣᠷ ᠤᠨ ᠰᠢᠭᠤᠷᠭ᠎ᠠ ᠰᠢᠭ ᠢᠰᠭᠡᠷᠦᠭᠡᠳ

ᠬᠠᠢ᠌ᠷᠠᠳᠠᠢ ᠪᠣᠭᠤᠷᠤᠯ ᠮᠥᠮᠥ ᠪᠠᠨ ᠥᠭᠡᠢ᠌ᠯᠡᠭᠡᠳ ᠪᠠᠢ᠌ᠨ᠎ᠠ᠂ ᠭᠦᠤ ᠴᠢᠨᠢ ︕

ᠵᠢᠩᠳᠡᠭ᠍ᠰᠡᠨ ᠰᠡᠳᠭᠢᠯ ᠤᠨ ᠴᠢᠨᠢ ᠢᠯᠴᠢ ᠨᠢ ᠪᠣᠯᠤᠶ᠎ᠠ᠂ ᠮᠥᠮᠥ ᠡ ︕

ᠵᠢᠵᠢᠭ᠍ᠷᠡᠭ᠍ᠰᠡᠨ ᠪᠠᠶ᠎ᠠ ᠶᠢᠨ ᠴᠢᠨᠢ ᠲᠦᠰᠢᠶ᠎ᠠ ᠨᠢ ᠪᠣᠯᠤᠶ᠎ᠠ᠂ ᠮᠥᠮᠥ ᠡ ︕

ᠣᠯᠠᠷᠢᠯ ᠤᠨ ᠰᠠᠢ᠌ᠬᠠᠨ ᠬᠠᠪᠣᠷ ᠨᠢ ᠪᠣᠯᠤᠯ᠎ᠠ᠂ ᠮᠥᠮᠥ ᠡ ︕

ᠣᠴᠠᠷᠠᠨ ᠵᠤᠯᠭᠠᠭᠠᠤᠨ ᠰᠥᠭᠦᠷᠡᠨ ᠮᠥᠷᠭᠦᠶ᠎ᠡ᠂ ᠮᠥᠮᠥ ᠡ ︕

ᠨᠦᠮᠦᠷᠢ ᠳᠠᠯ᠎ᠠ ᠶᠢᠨ ᠬᠠᠢ᠌ᠯ ᠮᠥᠩᠭᠦᠷᠡᠵᠤ ᠪᠠᠢ᠌ᠨ᠎ᠠ᠂ ᠮᠥᠮᠥ ᠡ ︕

ᠨᠥᠮᠵᠦᠭ᠌ ᠬᠠᠢ᠌ᠷ᠎ᠠ ᠶᠢᠨ ᠰᠡᠳᠭᠢᠯ ᠣᠶᠠᠰᠴᠤ ᠪᠠᠢ᠌ᠨ᠎ᠠ᠂ ᠮᠥᠮᠥ ᠡ ︕

ᠨᠠᠮᠤᠷ ᠤᠨ ᠨᠠᠮᠤᠷ ᠤᠨ ᠰᠢᠪᠠᠭᠤ ᠰᠢᠭ ᠣᠶᠠᠷᠠᠭᠠᠤᠨ

ᠨᠠᠰᠤᠳᠠᠨ ᠪᠣᠭᠤᠷᠤᠯ ᠮᠥᠮᠥ ᠪᠠᠨ ᠥᠭᠡᠢ᠌ᠯᠡᠭᠡᠳ ᠪᠠᠢ᠌ᠨ᠎ᠠ᠂ ᠭᠦᠤ ᠴᠢᠨᠢ ︕

ᠵᠢᠩᠳᠡᠭ᠍ᠰᠡᠨ ᠰᠡᠳᠭᠢᠯ ᠤᠨ ᠴᠢᠨᠢ ᠢᠯᠴᠢ ᠨᠢ ᠪᠣᠯᠤᠶ᠎ᠠ᠂ ᠮᠥᠮᠥ ᠡ ︕

ᠵᠢᠵᠢᠭ᠍ᠷᠡᠭ᠍ᠰᠡᠨ ᠪᠠᠶ᠎ᠠ ᠶᠢᠨ ᠴᠢᠨᠢ ᠲᠦᠰᠢᠶ᠎ᠠ ᠨᠢ ᠪᠣᠯᠤᠶ᠎ᠠ᠂ ᠮᠥᠮᠥ ᠡ ︕

ᠣᠯᠠᠷᠢᠯ ᠤᠨ ᠰᠠᠢ᠌ᠬᠠᠨ ᠬᠠᠪᠣᠷ ᠨᠢ ᠪᠣᠯᠤᠯ᠎ᠠ᠂ ᠮᠥᠮᠥ ᠡ ︕

ᠣᠴᠠᠷᠠᠨ ᠵᠤᠯᠭᠠᠭᠠᠤᠨ ᠰᠥᠭᠦᠷᠡᠨ ᠮᠥᠷᠭᠦᠶ᠎ᠡ᠂ ᠮᠥᠮᠥ ᠡ ︕

ᠦᠪᠣᠷ ᠳᠠᠯ᠎ᠠ ᠶᠢᠨ ᠬᠠᠢ᠌ᠯ ᠮᠥᠩᠭᠦᠷᠡᠵᠤ ᠪᠠᠢ᠌ᠨ᠎ᠠ᠂ ᠮᠥᠮᠥ ᠡ ︕

ᠥᠮᠵᠦᠭ᠌ ᠬᠠᠢ᠌ᠷ᠎ᠠ ᠶᠢᠨ ᠰᠡᠳᠭᠢᠯ ᠣᠶᠠᠰᠴᠤ ᠪᠠᠢ᠌ᠨ᠎ᠠ᠂ ᠮᠥᠮᠥ ᠡ ︕

ᠦᠷ᠎ᠡ ᠳᠡᠭᠡᠨ ᠳᠡᠮᠦᠯᠦᠭ᠍ᠰᠡᠨ ᠭᠠᠭᠴᠠᠬᠠᠨ ᠰᠡᠳᠭᠢᠯ ᠳᠤ ᠴᠢᠨᠢ ᠣᠶᠠᠰᠤᠭᠠᠤᠨ

ᠥᠳᠡᠯᠦᠭᠡ ᠪᠣᠭᠤᠷᠤᠯ ᠮᠥᠮᠥ ᠪᠠᠨ ᠥᠭᠡᠢ᠌ᠯᠡᠭᠡᠳ ᠪᠠᠢ᠌ᠨ᠎ᠠ᠂ ᠭᠦᠤ ᠴᠢᠨᠢ ︕

ᠵᠢᠩᠳᠡᠭ᠍ᠰᠡᠨ ᠰᠡᠳᠭᠢᠯ ᠤᠨ ᠴᠢᠨᠢ ᠢᠯᠴᠢ ᠨᠢ ᠪᠣᠯᠤᠶ᠎ᠠ᠂ ᠮᠥᠮᠥ ᠡ ︕

ᠵᠢᠵᠢᠭ᠍ᠷᠡᠭ᠍ᠰᠡᠨ ᠪᠠᠶ᠎ᠠ ᠶᠢᠨ ᠴᠢᠨᠢ ᠲᠦᠰᠢᠶ᠎ᠠ ᠨᠢ ᠪᠣᠯᠤᠶ᠎ᠠ᠂ ᠮᠥᠮᠥ ᠡ ︕

ᠣᠯᠠᠷᠢᠯ ᠤᠨ ᠰᠠᠢ᠌ᠬᠠᠨ ᠬᠠᠪᠣᠷ ᠨᠢ ᠪᠣᠯᠤᠯ᠎ᠠ᠂ ᠮᠥᠮᠥ ᠡ ︕

ᠣᠴᠠᠷᠠᠨ ᠵᠤᠯᠭᠠᠭᠠᠤᠨ ᠰᠥᠭᠦᠷᠡᠨ ᠮᠥᠷᠭᠦᠶ᠎ᠡ᠂ ᠮᠥᠮᠥ ᠡ ︕


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠶ‍ᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2010 ᠤᠨ ᠤ 02 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ