ᠨᠡᠪᠲᠡᠷᠡᠨ ᠤᠷᠤᠬᠤ
ᠴᠢᠮ᠎ᠠ ᠳᠤ ᠯᠠ ᠢᠯᠡᠭᠡᠭᠦ ᠰᠡᠭᠦᠳᠡᠷ

ᠭᠡᠨᠡᠨ ᠬᠤᠩᠭ᠋ᠤᠷ ᠨᠠᠰᠤᠨ ᠤ ᠮᠢᠨᠢ

ᠭᠡᠷᠡᠯ ᠳᠤ ᠠᠭᠤᠰᠤᠭᠰᠠᠨ ᠬᠤᠷᠸ᠎ᠠ

ᠭᠡᠮᠡᠷᠡᠳᠡᠯ᠎ᠡ ᠳᠤᠷᠠᠰᠤᠭᠳᠠᠬᠤ ᠳᠠᠨ ᠡᠴᠡ ᠪᠠᠨ

ᠬᠠᠢ᠌ᠷ᠎ᠠ ᠮᠦᠷᠦᠭᠡᠳᠦᠭ᠍ᠰᠡᠨ ᠵᠠᠭᠢᠶ᠎ᠠ


ᠣᠰᠤᠨ ᠪᠣᠯᠤᠷ ᠳᠤᠯᠢᠨ ᠳᠤ ᠪᠠᠨ

ᠳᠤᠯᠢᠳᠠᠨ ᠳᠤᠯᠢᠳᠠᠨ ᠰᠡᠭᠦᠳᠡᠷᠯᠡᠯ᠎ᠡ

ᠣᠶᠠᠷᠠᠭᠤᠨ ᠶᠠᠭᠠᠨ ᠵᠢᠷᠦᠭᠡᠨ ᠳᠤ ᠪᠠᠨ

ᠳᠠᠨ ᠶᠢᠡᠨ ᠰᠢᠩᠭᠡᠭᠡᠨ ᠰᠡᠭᠦᠳᠡᠷᠯᠡᠯ᠎ᠡ


ᠬᠠᠭᠤᠴᠢᠨ ᠪᠣᠯᠤᠭᠰᠠᠨ ᠴᠤ

᠊ᠭ᠍‍ᠬᠢᠷ ᠦᠭᠡᠶ ᠴᠡᠪᠠᠷᠭᠡᠨ ᠬᠤᠪᠴᠠᠰᠤ

ᠬᠤᠯᠠ ᠪᠠᠢ᠌ᠭᠰᠠᠨ ᠴᠤ

ᠬᠤᠨᠤᠭ ᠤᠨ ᠵᠡᠭᠦᠳᠤᠨ ᠳᠤ ᠬᠤᠶᠠᠭᠤᠯᠬᠠᠨ ᠡ


ᠬᠤᠯᠠ ᠶᠢᠨ ᠦᠨᠦᠴᠢᠨ ᠭᠠᠯᠠᠭᠤ ᠶᠢ

ᠬᠠᠪᠣᠷ ᠤᠨ ᠵᠡᠷᠭᠡᠯᠭᠡᠨ ᠦᠨᠦᠰᠤᠨ᠎ᠠ

ᠬᠤᠨ ᠴᠠᠭᠠᠨ ᠳᠤᠷᠠᠯᠠᠯ ᠢ ᠮᠢᠨᠢ

ᠬᠠᠢ᠌ᠷ᠎ᠠ ᠶᠢᠨ ᠴᠢ ᠯᠠ ᠮᠢᠨᠢ ᠰᠢᠵᠢᠮᠯᠠᠨ᠎ᠠ

ᠭᠦᠪᠦᠩ ᠴᠠᠭᠠᠨ ᠡᠭᠦᠯᠡᠰ ᠨᠢ

ᠬᠤᠩᠭ᠋ᠤᠷᠬᠠᠨ ᠰᠠᠯᠭᠢᠨ ᠳᠤ ᠢᠨᠠᠭᠰᠢᠨ᠎ᠠ

ᠭᠦᠳᠡᠷ ᠪᠠᠶ᠎ᠠ᠂ ᠭᠦᠭ᠍ᠵᠢᠭᠦᠨ ᠰᠡᠳᠭᠢᠯ ᠲᠡᠶ ᠪᠠᠨ

ᠭᠦᠭᠡᠷᠦᠭᠦᠨ ᠴᠢᠮ᠎ᠠ ᠳᠤ ᠪᠠᠨ ᠨᠢᠰᠤᠨ᠎ᠠ


ᠰᠢᠪᠠᠨᠠᠵᠤ ᠳᠠᠭᠤᠰᠤᠭ᠎ᠠ ᠦᠭᠡᠶ ᠳᠠᠩᠭ᠋ᠠᠷᠢᠭ

ᠰᠢᠮᠠᠵᠤ ᠬᠠᠨᠤᠭ᠎ᠠ ᠦᠭᠡᠶ ᠳᠤᠷᠠᠯᠠᠯ

ᠰᠢᠷᠭᠢᠵᠤ ᠳᠠᠳᠠᠭᠤᠷᠭ᠎ᠠ ᠦᠭᠡᠶ ᠬᠠᠢ᠌ᠷ᠎ᠠ

ᠴᠤᠭᠴᠠᠰ ᠪᠣᠯᠵᠤ ᠠᠮᠢᠯᠠᠭᠰᠠᠨ ᠶᠤᠮ ᠡ


ᠣᠳᠤᠨ ᠬᠤᠶᠠᠷ ᠨᠢᠳᠤ ᠮᠢᠨᠢ

ᠣᠷᠤᠭᠤᠯ ᠢ ᠴᠢᠨᠢ ᠰᠢᠮᠠᠨ ᠵᠢᠷᠭᠠᠨ᠎ᠠ

ᠣᠭᠢᠶᠠᠭᠰᠠᠨ ᠴᠡᠪᠠᠷᠭᠡᠨ ᠬᠠᠴᠠᠷ ᠮᠢᠨᠢ

ᠦᠨᠦᠰᠤᠯᠳᠠ ᠶᠢ ᠴᠢᠨᠢ ᠰᠢᠩᠭᠡᠭᠡᠨ ᠣᠯᠠᠪᠠᠯᠵᠠᠨ᠎ᠠ


ᠬᠤᠨᠤᠭ ᠤᠨ ᠵᠢᠭᠠᠬᠠᠨ ᠣᠷᠴᠢᠯᠠᠩ ᠤᠨ ᠶᠢᠡᠨ

ᠬᠠᠮᠢᠭ᠎ᠠ ᠨᠢ ᠳᠠᠷᠬᠠᠯᠳᠠᠭ ᠪᠣᠯ ︖ ᠨᠠᠳᠠᠳᠤ ᠪᠠᠨ

ᠬᠠᠮᠤᠭ ᠭᠦᠮᠤᠨ ᠊ᠭ᠍‍ᠬᠢᠷᠳᠦᠭᠡᠴᠢᠭᠡᠭᠦ ᠪᠣᠢ ᠭᠡᠵᠤ

ᠬᠠᠪᠢᠰᠤᠨ ᠳᠤ ᠭᠢᠭᠡᠳ ᠬᠠᠷᠠᠮᠨᠠᠬᠤ ᠪᠢᠵᠠ ︕


ᠬᠠᠷᠠᠩᠭ᠋ᠤᠢ ᠰᠦᠨᠢ ᠨᠣᠢ᠌ᠷᠰᠤᠬᠤ ᠳᠤ ᠴᠢᠨᠢ

ᠬᠠᠯᠠᠭᠤᠨ ᠳᠠᠷ᠎ᠠ ᠶᠢᠨ ᠴᠢᠨᠢ ᠰᠢᠪᠠᠨᠡᠭᠡ ᠪᠣᠯᠤᠭ

ᠬᠤᠪᠢᠳᠠᠵᠤ ᠭᠢᠭᠦ ᠠᠵᠢᠯ ᠤᠨ ᠴᠢᠨᠢ

ᠬᠤᠯᠠᠳᠠᠰᠢ ᠦᠭᠡᠶ ᠵᠥᠪᠳᠡᠭ᠍ᠴᠢ ᠪᠣᠯᠤᠭ


ᠦᠷᠦᠭᠡᠯ ᠤᠨ ᠭᠠᠵᠠᠷ ᠭᠠᠭᠴᠠᠭᠠᠷᠳᠠᠬᠤ ᠨᠢ ᠵᠤᠪᠠᠯᠠᠩ ᠴᠤ

ᠦᠪᠡᠷ ᠤᠨ ᠭᠦᠮᠤᠨ ᠳᠤ ᠪᠠᠨ ᠳᠤᠷᠠᠰᠤᠭᠳᠠᠬᠤ ᠭᠡᠭ᠍ᠴᠢ ᠵᠢᠷᠭᠠᠯ

ᠦᠷᠦᠭᠡᠯ ᠣᠷᠤᠨ ᠤ ᠳᠡᠷᠭᠡᠯ ᠰᠠᠷᠠᠨ ᠡᠴᠡ

ᠦᠪᠡᠷ ᠤᠨ ᠨᠤᠳᠤᠭ ᠤᠨ ᠬᠠᠪᠢᠷᠠᠭᠠᠨ ᠰᠠᠷᠠ ᠳᠦᠭᠦᠷᠢᠭ᠌ ᠡ


ᠭᠡᠨᠡᠨ ᠬᠤᠩᠭ᠋ᠤᠷ ᠨᠠᠰᠤᠨ ᠤ ᠮᠢᠨᠢ

ᠭᠡᠷᠡᠯ ᠳᠤ ᠠᠭᠤᠰᠤᠭᠰᠠᠨ ᠬᠤᠷᠸ᠎ᠠ

ᠭᠡᠮᠡᠷᠡᠳᠡᠯ᠎ᠡ ᠳᠤᠷᠠᠰᠤᠭᠳᠠᠬᠤ ᠳᠠᠨ ᠡᠴᠡ ᠪᠠᠨ

ᠬᠠᠢ᠌ᠷ᠎ᠠ ᠮᠦᠷᠦᠭᠡᠳᠦᠭ᠍ᠰᠡᠨ ᠵᠠᠭᠢᠶ᠎ᠠ


ᠵᠤᠬᠢᠶᠠᠭᠴᠢ ᠶᠢᠨ ᠬᠠᠶ‍ᠢᠭ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2010 ᠤᠨ ᠤ 07 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ