☆ ᠸ·ᠠᠭᠤᠯᠠ
ᠮᠥᠩᠭᠡ ᠶᠢᠨ ᠳᠠᠮᠠᠭ᠎ᠠ
ᠰᠠᠨᠠᠭᠠᠨ ᠤ ᠦᠵᠦᠭᠦᠷ
ᠰᠥᠪᠠᠭ᠍ᠴᠢᠯᠡᠯ ᠦᠯᠡᠳᠡᠭᠡᠵᠤ
ᠰᠡᠳᠭᠢᠯ ᠢ ᠳᠠᠷᠴᠢᠯᠠᠭᠠᠬᠤ ᠨᠢ ᠡ ︕
ᠦᠴᠦᠭᠡᠳᠦᠷ ᠤᠨ ᠥᠭᠡ
ᠥᠨᠦᠭᠡᠨ ᠰᠠᠨᠠᠭᠳᠠᠵᠤ
ᠦᠪᠴᠢ ᠪᠠᠶ᠎ᠠ ᠶᠢ ᠳᠤᠭᠳᠤᠯᠠᠭᠤᠯᠬᠤ ᠨᠢ ᠡ ︕
ᠡᠷᠭᠢᠵᠤ ᠰᠤᠨᠤᠰᠳᠠᠬᠤ ᠥᠭᠡᠢ
ᠥᠭᠡᠨ ᠤ ᠥᠩᠭᠡ
ᠨᠡᠭᠦᠳᠡᠯ ᠤᠨ ᠬᠤᠷ᠎ᠠ ᠪᠣᠯᠤᠨ ᠰᠠᠷᠨᠢᠬᠤ ᠨᠢ ᠡ ︕
ᠮᠡᠯᠮᠡᠯᠵᠡᠭ᠍ᠰᠡᠨ ᠨᠢᠯᠪᠣᠰᠤᠨ ᠳ᠋ᠤ
ᠨᠢᠳᠤᠨ ᠬᠠᠷᠠᠭ᠎ᠠ ᠪᠠᠯᠠᠷᠠᠵᠤ
ᠨᠢᠩᠵᠢᠨ ᠰᠡᠳᠭᠢᠯ ᠤᠨ ᠳᠤᠷᠠᠳᠬᠠᠯ ᠪᠣᠯᠬᠤ ᠨᠢ ᠡ ︕
ᠬᠠᠢ᠌ᠷ᠎ᠠ ᠶᠢᠨ ᠠᠷᠢᠭᠤᠨ
ᠦᠰᠤᠨ ᠤ ᠬᠠᠷ᠎ᠠ
ᠣᠷᠤᠭᠤᠯ ᠤᠨ ᠣᠷᠤᠮ ᠴᠢᠨᠢ ᠪᠣᠳᠤᠭᠳᠠᠬᠤ ᠨᠢ ᠡ ︕
ᠡᠷᠡᠪᠠᠢ ᠶᠢᠨ ᠬᠠᠴᠠᠷ ᠳᠤ
ᠮᠥᠩᠭᠡ ᠶᠢᠨ ᠳᠠᠮᠠᠭ᠎ᠠ ᠪᠣᠯᠤᠭᠰᠠᠨ
ᠡᠭᠡᠯᠢᠳᠤ ᠳᠠ ᠮᠢᠨᠢ ᠰᠠᠨᠠᠭᠳᠠᠬᠤ ᠨᠢ ᠡ ᠁
ᠵᠤᠬᠢᠶᠠᠭᠴᠢ ᠶᠢᠨ ᠬᠠᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠭᠠᠠᠵᠤᠭ᠎ᠠ ᠨᠢᠭᠡᠳᠦᠭᠡᠷ ᠳᠡᠭᠡᠳᠤ ᠵᠡᠷᠭᠡ ᠶᠢᠨ ᠳᠤᠮᠳᠠᠳᠤ ᠰᠤᠷᠭᠠᠭᠤᠯᠢ
ᠵᠤᠬᠢᠶᠠᠭᠴᠢ᠄ ᠸ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11392
ᠴᠠᠭ᠄ 2014 ᠤᠨ ᠤ 03 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ