ᠨᠡᠪᠲᠡᠷᠡᠨ ᠤᠷᠤᠬᠤ
ᠮᠠᠷᠳᠠᠵᠤ ᠴᠢᠳᠠᠬᠤ ᠦᠭᠡᠶ ᠡ

ᠰᠦᠨᠢ ᠰᠦᠨᠢ ᠶᠢᠨ ᠵᠡᠭᠦᠳᠤ ᠮᠠᠨᠠᠵᠤ

ᠳᠠᠷ᠎ᠠ ᠳᠡᠭᠡᠷ᠎ᠡ ᠠᠰᠬᠠᠷᠠᠭᠠᠤᠨ ᠬᠤᠨᠤᠳᠠᠭ

ᠰᠠᠷᠠᠨ ᠴᠠᠭᠠᠨ ᠵᠢᠰᠤ ᠶᠢ ᠴᠢᠨᠢ

ᠮᠠᠷᠳᠠᠵᠤ ᠴᠢᠳᠠᠬᠤ ᠦᠭᠡᠶ ᠡ

ᠰᠡᠭᠦᠳᠡᠷ ᠭᠠᠵᠠᠷ ᠤᠨ ᠪᠣᠯᠠᠭ ᠠᠳᠠᠯᠢ

ᠭᠦᠢᠰᠤᠨ ᠡᠴᠡ ᠪᠠᠨ ᠮᠠᠯᠮᠠᠯᠵᠠᠨ ᠳᠤᠨᠤᠷᠠᠵᠤ

ᠮᠥᠷᠦᠭᠡᠳᠦᠯ ᠳᠤ ᠴᠠᠯᠭᠢᠭᠠᠤᠨ ᠥᠩᠭᠡᠷᠡᠳᠡᠭ᠌

ᠭᠦᠭᠡᠷᠦᠭᠦᠨ ᠬᠠᠷ᠎ᠠ ᠨᠢᠳᠤ ᠶᠢ ᠴᠢᠨᠢ

ᠮᠠᠷᠳᠠᠵᠤ ᠴᠢᠳᠠᠬᠤ ᠦᠭᠡᠶ ᠡ

ᠶᠠᠭᠠᠷᠠᠵᠤ ᠦᠭ‍ᠭᠦᠭ᠍ᠰᠡᠨ ᠵᠠᠭᠢᠳᠠᠯ ᠢ ᠥᠵᠡᠭᠡᠳ

ᠶᠠᠭᠠᠭᠢᠬᠤ ᠪᠠᠨ ᠣᠯᠬᠤ ᠦᠭᠡᠶ ᠵᠤᠪᠠᠨᠢᠵᠤ

ᠣᠷᠤᠨ ᠳᠠᠭᠠᠨ ᠣᠯᠠᠢ᠌ᠵᠤ ᠭᠡᠪᠳᠡᠭ᠍ᠰᠡᠨ ᠢ ᠴᠢᠨᠢ

ᠮᠠᠷᠳᠠᠵᠤ ᠴᠢᠳᠠᠬᠤ ᠦᠭᠡᠶ ᠡ

ᠶᠠᠯ᠎ᠠ ᠦᠭᠡᠶ ᠳᠤᠷᠠᠯᠠᠯ ᠢ ᠮᠢᠨᠢ ᠪᠣᠴᠠᠭᠠᠭᠰᠠᠨ ᠴᠤ

ᠶᠠᠳᠤᠭ᠎ᠠ ᠶᠢᠨ ᠡᠭᠡᠰᠢᠭ᠌ ᠠᠳᠠᠯᠢ

ᠵᠢᠷᠦᠭᠡᠨ ᠳᠤ ᠣᠶᠠᠩᠭ᠋ᠠᠷᠠᠭᠠᠤᠨ ᠢᠷᠡᠳᠡᠭ᠌ ᠳᠠᠭᠤ ᠶᠢ ᠴᠢᠨᠢ

ᠮᠠᠷᠳᠠᠵᠤ ᠴᠢᠳᠠᠬᠤ ᠦᠭᠡᠶ ᠡ

ᠨᠠᠷᠢᠬᠠᠨ ᠭᠤᠤᠯ ᠤᠨ ᠭᠦᠪᠠᠭᠡᠨ ᠳᠡᠭᠡᠷ᠎ᠡ

ᠨᠠᠭᠠᠯᠳᠤᠵᠤ ᠰᠠᠭᠤᠭᠰᠠᠨ ᠬᠤᠷᠤᠮᠬᠠᠨ ᠶᠢᠡᠨ

ᠮᠠᠷᠳᠠᠵᠤ ᠴᠢᠳᠠᠬᠤ ᠦᠭᠡᠶ ᠡ

ᠨᠠᠰᠤᠨ ᠳᠠᠭᠠᠨ ᠮᠠᠷᠳᠠᠰᠢ ᠦᠭᠡᠶ ᠬᠠᠢ᠌ᠷ᠎ᠠ ᠶᠢᠨ ᠢᠯᠴᠢ ᠶᠢ

ᠬᠠᠷᠠᠴᠠ ᠪᠠᠷ ᠶᠢᠡᠨ ᠳᠠᠮᠵᠢᠭᠤᠯᠵᠤ ᠦᠭ‍ᠭᠦᠭ᠍ᠰᠡᠨ

ᠨᠠᠳᠠ ᠭᠡᠯᠡᠵᠤ ᠪᠣᠯᠳᠠᠭ ᠦᠭᠡᠶ ᠨᠢᠭᠤᠴᠠ ᠶᠢ ᠴᠢᠨᠢ

ᠮᠠᠷᠳᠠᠵᠤ ᠴᠢᠳᠠᠬᠤ ᠦᠭᠡᠶ ᠡ

ᠴᠢ ᠳᠤᠳᠠᠭᠰᠠᠨ ᠨᠠᠢ᠌ᠷ ᠤᠨ ᠰᠢᠷᠡᠭᠡ

ᠠᠷᠢᠭᠢ ᠨᠢ ᠭᠠᠰᠢᠭᠤᠨ ᠪᠠᠢ᠌ᠳᠠᠭ ᠢ ᠮᠠᠷᠳᠠᠬᠤ ᠦᠭᠡᠶ ᠡ

ᠴᠢᠮᠡᠭᠡ ᠳᠠᠰᠤᠷᠠᠭᠰᠠᠨ ᠡᠳᠦᠷ ᠬᠤᠨᠤᠭ ᠤᠨ

ᠥᠩᠭᠡᠷᠡᠭᠦ ᠨᠢ ᠣᠳᠠᠭᠠᠨ ᠪᠠᠢ᠌ᠳᠠᠭ ᠢ ᠴᠤ ᠮᠠᠷᠳᠠᠬᠤ ᠦᠭᠡᠶ ᠡ

ᠵᠠᠯᠭᠢᠵᠤ ᠴᠢᠳᠠᠰᠢ ᠦᠭᠡᠶ ᠬᠠᠢ᠌ᠷ᠎ᠠ ᠶᠢᠨ ᠨᠢᠯᠪᠣᠰᠤ ᠪᠠᠨ

ᠣᠳᠠᠰᠤᠨ ᠳᠤ ᠰᠢᠩᠭᠡᠭᠡᠵᠤ

ᠭᠦᠷᠦᠵᠤ ᠦᠭ‍ᠭᠦᠭ᠍ᠰᠡᠨ ᠰᠡᠳᠭᠢᠯ ᠢ ᠴᠢᠨᠢ

ᠮᠠᠷᠳᠠᠵᠤ ᠴᠢᠳᠠᠬᠤ ᠦᠭᠡᠶ ᠡ

ᠵᠠᠵᠢᠯᠤᠭᠠᠤᠨ ᠳᠠᠭᠠᠭᠠᠬᠤ ᠦᠭᠡᠶ ᠳᠤᠷᠠᠯᠠᠯ ᠤᠨ ᠰᠢᠭᠢᠷ ᠢ

ᠳᠤᠷᠠᠳᠬᠠᠯ ᠪᠣᠯᠭᠠᠨ ᠵᠡᠭᠦᠳᠤᠨ ᠳᠡᠭᠡᠨ ᠰᠢᠮᠠᠵᠤ

ᠳᠠᠭᠤᠯᠠᠭᠠᠤᠨ ᠶᠠᠪᠣᠳᠠᠭ ᠵᠢᠷᠦᠭᠡ ᠶᠢ ᠴᠢᠨᠢ

ᠮᠠᠷᠳᠠᠵᠤ ᠴᠢᠳᠠᠬᠤ ᠦᠭᠡᠶ ᠡ

ᠰᠠᠯᠤᠭᠠᠤᠨ ᠶᠠᠪᠣᠭᠰᠠᠨ ᠴᠤ ᠰᠠᠨᠠᠭᠠᠤᠨ ᠰᠠᠭᠤᠳᠠᠭ

ᠰᠡᠳᠭᠢᠯ ᠶᠢᠡᠨ ᠪᠢ ᠬᠤᠷᠢᠵᠤ ᠴᠢᠳᠠᠬᠤ ᠦᠭᠡᠶ ᠡ

ᠰᠠᠨᠠᠬᠤ ᠶᠢᠨ ᠣᠳᠤᠨ ᠳᠤ ᠨᠠᠰᠤ ᠪᠠᠷ ᠬᠠᠳᠠᠭᠰᠠᠨ ᠴᠤ

ᠰᠠᠢ᠌ᠬᠠᠨ ᠴᠢᠮ᠎ᠠ ᠪᠠᠨ ᠭᠠᠭᠴᠠᠭᠠᠷ ᠥᠮᠴᠢᠷᠭᠡᠵᠤ

ᠪᠢ ᠳᠤᠷᠠᠳᠠᠢ ᠥᠷᠡᠭ᠍ᠳᠡᠨ᠎ᠡ ᠡ︕


ᠵᠤᠬᠢᠶᠠᠭᠴᠢ ᠶᠢᠨ ᠬᠠᠶ‍ᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2648
ᠴᠠᠭ᠄ 2010 ᠤᠨ ᠤ 02 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ