ᠨᠡᠪᠲᠡᠷᠡᠨ ᠤᠷᠤᠬᠤ
ᠬᠠᠢ᠌ᠷ᠎ᠠ ᠮᠢᠨᠢ ᠳᠠᠩᠳᠠ ᠴᠢᠮ᠎ᠠ ᠶᠢ ᠳᠤᠷᠠᠰᠤᠨ᠎ᠠ
᠊᠊᠊᠊᠊᠊᠊᠊᠊᠊᠊᠊᠊᠊᠊ ᠣᠶᠤᠳᠠᠨ ᠶᠠᠪᠣᠭ᠎ᠠ ᠳᠠᠷᠠ ᠨᠢᠭᠡᠨ ᠭᠡᠦᠭᠡᠨ ᠳᠤ

            

  ᠦᠷ ᠭᠡᠭᠡ ᠳᠡᠭ᠍ᠷᠢ ᠰᠣᠢ᠌ᠯᠠᠵᠤ

  ᠣᠯᠠᠢ᠌ᠭᠰᠠᠨ ᠠᠳᠤᠭᠤᠳ ᠴᠤᠭᠯᠠᠷᠠᠬᠤ ᠰᠢᠭ

  ᠣᠳᠤᠳ ᠰᠡᠭᠦᠯ ᠶᠢᠡᠨ ᠬᠤᠷᠢᠶᠠᠬᠤ ᠳ᠋ᠤ

  ᠡᠪᠦᠷ ᠲᠤ ᠮᠢᠨᠢ ᠴᠢ ᠳᠠᠩᠳᠠ

  ᠪᠣᠳᠤᠯ ᠬᠤᠨᠤᠭᠠᠵᠤ ᠭᠡᠪᠳᠡᠨ᠎ᠡ᠃

    

  ᠰᠢᠷᠢᠯᠳᠦᠭ᠍ᠰᠡᠨ ᠬᠠᠷ᠎ᠠ ᠭᠡᠵᠢᠭᠡ ᠰᠢᠭ᠌

  ᠰᠦᠨᠢ ᠶᠢᠨ ᠬᠠᠭᠢᠷ ᠮᠠᠨᠠᠭᠠᠨ ᠳ᠋ᠤ

  ᠲ᠋ᠠᠷ᠎ᠠ ᠣᠶᠠᠰᠳᠠᠯ᠎ᠠ ᠥᠭᠦᠭᠡᠷᠯᠡᠵᠤ

  ᠲ᠋ᠡᠷᠭᠡᠳᠡ ᠮᠢᠨᠢ ᠴᠢ ᠳᠠᠩᠳᠠ

  ᠵᠡᠭᠦᠳᠦ ᠮᠠᠨᠠᠭᠠᠵᠤ ᠬᠤᠨᠤᠨ᠎ᠠ᠃

    

  ᠪᠢᠴᠢᠭ᠌ ᠤᠨ ᠳᠦᠷᠪᠠᠯᠵᠢᠨ ᠰᠢᠷᠡᠭᠡᠨ ᠳ᠋ᠡᠭᠡᠨ

  ᠭᠠᠷ ᠳᠤᠭᠣᠢ᠌ᠯᠠᠨ ᠰᠠᠭᠤᠵᠤ

  ᠨᠠᠢ᠌ᠷᠠᠭ ᠴᠠᠭᠠᠨ ᠵᠦᠷᠢᠭ᠌ ᠵᠢᠠᠷ

  ᠥᠵᠦᠭ᠌ ᠵᠢᠷᠤᠭᠠᠯᠭᠠᠵᠤ ᠡᠭᠢᠯᠡᠭᠦ ᠳᠤ

  ᠨᠠᠷ᠎ᠠ ᠴᠢᠨᠢ ᠳᠠᠩᠳᠠ

  ᠪᠢᠷ ᠤᠨ ᠠᠶ᠎ᠠ ᠪᠠᠷ ᠳᠠᠳᠠᠯᠠᠵᠤ ᠵᠢᠷᠤᠭᠳᠠᠨ᠎ᠠ᠃

  

  ᠣᠭᠤᠷᠠᠭ ᠨᠠᠷᠠ ᠳᠠᠢ

  ᠰᠢᠷᠭᠠᠯ ᠡᠳᠦᠷ ᠤᠨ ᠣᠷᠳᠤᠬᠠᠨ ᠪᠣᠷᠤ

            ᠠᠮᠢᠰᠬᠤᠭ᠎ᠠ ᠳᠠᠩᠨᠠᠵᠤ

  ᠡᠳᠦᠷᠴᠢᠨ ᠴᠢᠮ᠎ᠠ ᠲᠡᠶ ᠪᠠᠨ ᠵᠠᠩᠭᠢᠴᠠᠬᠤ ᠳ᠋ᠤ

  ᠣᠯᠠᠨ ᠰᠢᠪᠠᠭᠤᠳ ᠤᠨ ᠵᠢᠷᠭᠢᠭᠡ ᠭᠦᠷᠳᠡᠯ᠎ᠡ

  ᠴᠢᠯᠡᠭᠡ ᠳᠠᠢ᠌ᠯᠠᠵᠤ ᠴᠡᠴᠡᠭᠯᠡᠨ᠎ᠡ᠃

    

   ᠣᠷᠤᠰᠬᠠᠯ ᠭᠤᠤᠯ ᠬᠠᠯᠭᠢᠯᠠᠨ ᠱᠤᠤᠭᠢᠵᠤ

   ᠬᠤᠨᠤᠭ ᠥᠡᠵᠢᠭᠦᠳᠡ ᠪᠣᠷᠤᠭᠠᠯᠠᠬᠤ ᠳ᠋ᠤ

   ᠳᠤᠷᠰᠤᠯ ᠬᠠᠯᠠᠭᠤᠬᠠᠨ ᠬᠠᠢ᠌ᠷ᠎ᠠ ᠪᠠᠨ

            ᠲ᠋ᠠᠪᠠᠷᠠᠵᠤ ᠢᠷᠠᠨ ᠣᠭᠳᠤᠬᠤ

   ᠴᠢᠨᠤ ᠣᠷᠤᠭᠤᠯ ᠪᠦᠯᠢᠶᠡᠨ ᠦᠨᠦᠰᠤᠯ

   ᠱᠥᠭᠦᠷ ᠳᠤᠤᠷ᠎ᠠ ᠪᠠᠨ ᠭᠠᠯᠰᠢᠵᠤ

   ᠳᠡᠯᠡᠭᠡᠢ ᠲᠡᠶ ᠪᠠᠨ ᠬᠠᠮᠳᠤ

   ᠪᠦᠳᠤᠨ ᠳᠡᠩᠭᠡᠯᠢᠭ᠌ ᠵᠢᠷᠭᠠᠭᠰᠠᠨ ᠪᠠᠢ᠌ᠯ᠎ᠠ᠃

    

   ᠪᠢᠯᠢᠭ᠌ ᠠᠷᠭ᠎ᠠ ᠵᠢᠨ

   ᠪᠦᠳᠤᠨ ᠴᠠᠭᠠᠨ ᠣᠯᠠᠷᠢᠯ ᠳᠡᠭᠡᠭᠦᠷ

   ᠪᠣᠳᠤᠯ ᠳᠤ ᠳᠠᠩᠳᠠ ᠬᠤᠷᠭᠤᠳᠠᠬᠤ

   ᠡᠩᠭᠡᠷ ᠨᠠᠭᠠᠯᠢᠩᠬᠠᠢ ᠰᠢᠪᠠᠨᠡᠭᠡ ᠴᠢᠨᠢ

   ᠬᠤᠨ ᠤ ᠴᠠᠭᠠᠨ ᠨᠡᠭᠦᠳᠡᠯ ᠡᠴᠠ

   ᠮᠥᠩᠭᠡ ᠶᠢᠨ ᠰᠠᠢ᠌ᠬᠠᠨ

   ᠮᠦᠷᠦᠭᠡᠳᠦᠯ ᠠᠷᠭᠠᠮᠵᠢᠯᠠᠵᠤ ᠬᠤᠴᠤᠷᠠᠨ᠎ᠠ᠃

    

   ᠨᠠᠷ᠎ᠠ ᠴᠢᠨᠢ ᠳᠠᠭᠤᠭᠳᠠᠬᠤ ᠬᠤᠷᠸ᠎ᠠ ᠵᠢᠨ

   ᠮᠥᠩᠭᠡ ᠣᠷᠤᠰᠢᠬᠤ ᠬᠠᠢ᠌ᠷ᠎ᠠ ᠪᠠᠷ

   ᠴᠢᠮ᠎ᠠ ᠪᠠᠨ ᠪᠢ

   ᠡᠩᠭᠡᠷ ᠳᠤᠯᠠᠭᠠᠬᠠᠨ ᠳᠡᠪᠠᠷᠢᠭᠦ ᠳ᠋ᠤ

   ᠡᠨᠡᠭᠡᠨ ᠪᠦᠮᠪᠦᠷᠴᠡᠭ᠌

   ᠳᠠᠷᠠ ᠴᠢᠭ᠌ ᠶᠢᠡᠷ ᠶᠢᠡᠨ ᠣᠶᠠᠷᠠᠵᠤ ᠬᠠᠢ᠌ᠯᠤᠮᠠᠷ ᠡ ︕


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠳᠤᠯᠠᠭᠠᠨ ᠰᠢᠶᠠᠨ ᠤ ᠦᠨᠳᠦᠰᠦᠳᠠᠨ ᠤ ᠪᠦᠷᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠱ·ᠭᠦᠭᠡᠮᠥ᠋ᠴᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2680
ᠴᠠᠭ᠄ 2011 ᠤᠨ ᠤ 09 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ