☆ ᠣᠷᠭᠢᠯᠤᠮ᠎ᠠ
ᠳᠡᠭᠦᠯᠢᠭᠡᠷᠡᠢ᠂ ᠭᠦᠰᠡᠯ ᠤᠨ ᠬᠤᠨ ᠮᠢᠨᠢ
᠊᠊᠊᠊᠊᠊᠊᠊᠊᠊᠊᠊᠊᠊᠊ ᠰᠤᠷᠬᠤ ᠶᠢᠨ ᠵᠠᠮ ᠳᠤ ᠬᠤᠯᠠ ᠶᠠᠪᠣᠭᠰᠠᠨ ᠦᠬᠢᠨ ᠳᠤ ᠪᠠᠨ
ᠡᠭᠡ ᠶᠢᠨ ᠭᠡᠪᠠᠯᠢ ᠡᠴᠡ ᠪᠠᠨ ᠦᠬᠢᠨ ᠮᠢᠨᠢ
ᠡᠷᠭᠡᠢ ᠶᠢᠨ ᠴᠢᠨᠡᠭᠡᠨ ᠶᠢᠡᠷ ᠳᠡᠯᠡᠭᠡᠢ ᠵᠤᠯᠠᠢ᠌ᠳᠠᠬᠤ ᠳᠤ
ᠡᠴᠢᠭᠡ ᠶᠢᠨ ᠶᠢᠡᠨ ᠨᠢᠳᠤᠨ ᠳᠤ ᠦᠬᠢᠨ ᠮᠢᠨᠢ
ᠳᠡᠯᠡᠭᠡᠢ ᠶᠡᠭᠡ ᠪᠠᠷ ᠬᠠᠷᠠᠭ᠎ᠠ ᠳᠦᠭᠦᠷᠭᠡᠭ᠍ᠰᠡᠨ
ᠡᠭᠡ ᠶᠢᠨ ᠶᠢᠡᠨ ᠡᠩᠭᠡᠷ ᠲᠤ ᠦᠬᠢᠨ ᠮᠢᠨᠢ
ᠡᠷᠪᠠᠭᠡᠢ ᠭᠡᠮᠡᠷ ᠡᠷᠪᠠᠯᠵᠡᠨ ᠭᠦᠭᠦ ᠰᠢᠮᠡᠭᠦ ᠳᠤ
ᠡᠨᠡ ᠭᠡᠷ ᠤᠨ ᠶᠢᠡᠨ ᠳᠤᠮᠳᠠ ᠦᠬᠢᠨ ᠮᠢᠨᠢ
ᠳᠡᠯᠭᠡᠷᠡᠭᠡ ᠴᠡᠴᠡᠭ᠌ ᠰᠢᠭ᠌ ᠬᠠᠷᠠᠭ᠎ᠠ ᠪᠣᠯᠢᠶᠠᠭᠰᠠᠨ
ᠠᠪᠣ ᠭᠡᠰᠡᠨ ᠠᠶᠠᠯᠭᠤ ᠶᠢ ᠠᠭᠠᠷ ᠲᠤ ᠴᠤᠤᠷᠢᠶᠠᠳᠤᠭᠤᠯᠬᠤ ᠳ᠋ᠤ
ᠰᠤᠨᠤᠷ ᠲᠤ ᠪᠢᠰᠢ ᠴᠢᠰᠤᠨ ᠳᠤ ᠮᠢᠨᠢ ᠡᠭᠡᠰᠢᠭ᠌ ᠨᠢ ᠰᠢᠩᠭᠡᠭ᠍ᠰᠡᠭᠡᠷ
ᠠᠯᠳᠠᠨ ᠳᠡᠯᠡᠭᠡᠢ ᠶᠢ ᠠᠷᠪᠠ ᠡᠷᠭᠢᠨ ᠭᠦᠶᠦᠭ᠍ᠰᠡᠨ ᠴᠤ
ᠠᠮᠢᠰᠬᠤᠭ᠎ᠠ ᠳᠠᠪᠬᠤᠴᠠᠭᠤᠯᠬᠤ ᠦᠭᠡᠶ ᠰᠢᠳᠢ ᠶᠢ ᠣᠯᠭᠤᠭᠰᠠᠨ
ᠠᠪᠣ ᠶᠢᠨ ᠡᠭᠡᠰᠢᠭ᠌᠂ ᠡᠵᠢ ᠶᠢᠨ ᠠᠶᠠᠯᠭᠤ ᠪᠠᠨ
ᠠᠮᠠᠨ ᠳᠤ ᠪᠠᠨ ᠣᠩᠰᠢᠨ
ᠠᠶᠤᠤᠯᠢᠬᠠᠢ ᠳᠤ ᠪᠠᠨ ᠳᠤᠭᠳᠠᠭᠠᠨ ᠶᠠᠪᠣᠬᠤ ᠳᠤ ᠨᠢ
ᠣᠭᠰᠠᠭ᠎ᠠ ᠵᠠᠯᠭᠠᠬᠤ ᠭᠡᠯᠭᠢᠶ᠎ᠡ ᠶᠢᠨ ᠰᠤᠪᠣᠤᠨ ᠭᠡᠵᠤ ᠳᠠᠨᠢᠭᠰᠠᠨ
ᠣᠠᠳᠠᠩᠬᠠᠢ ᠭᠡᠵᠤ ᠣᠴᠠᠭᠠᠷᠳᠠᠵᠤ ᠥᠩᠭᠡᠷᠡᠵᠡᠢ᠂ ᠦᠬᠢᠨ ᠳᠤ ᠪᠠᠨ
ᠠᠯᠢᠶ᠎ᠠ ᠭᠡᠵᠤ ᠠᠯᠠᠭ᠎ᠠ ᠳᠠᠯᠠᠢ᠌ᠵᠤ ᠦᠵᠡᠵᠠᠢ᠂ ᠦᠬᠢᠨ ᠳᠤ ᠪᠠᠨ
ᠠᠪᠣ ᠨᠢ ᠮᠠᠭᠤ ᠪᠣᠯᠤᠯ᠎ᠠ ᠭᠡᠵᠤ ᠠᠷᠭᠠᠳᠠᠵᠤ ᠶᠠᠪᠣᠵᠠᠢ᠂ ᠦᠬᠢᠨ ᠶᠢᠡᠨ
ᠠᠪᠣ ᠮᠢᠨᠢ ᠭᠡᠵᠢᠶᠡᠳᠡ ᠰᠠᠢ᠌ᠨ ᠭᠡᠵᠤ ᠪᠠᠶᠠᠷᠯᠠᠭᠤᠯᠵᠤ ᠢᠷᠠᠵᠠᠢ᠂ ᠦᠬᠢᠨ ᠮᠢᠨᠢ
ᠡᠷᠳᠡᠮ ᠤᠨ ᠰᠢᠮ᠎ᠠ ᠳᠤ ᠡᠷᠳᠡ ᠪᠣᠯᠪᠠᠰᠤᠷᠠᠬᠤ ᠪᠠᠷ᠂ ᠦᠬᠢᠨ ᠮᠢᠨᠢ
ᠡᠷᠦᠭᠡ ᠡᠴᠡ ᠪᠠᠨ ᠰᠠᠶᠢ ᠰᠠᠯᠤᠨ ᠦᠷᠦᠭᠡᠯ ᠤᠨ ᠭᠠᠵᠠᠷ ᠲᠤ ᠶᠠᠪᠣᠯ᠎ᠠ
ᠠᠪᠣ ᠳᠠᠨ ᠲᠡᠶ ᠠᠳᠠᠯᠢ ᠴᠢᠷᠮᠠᠢ᠌ᠵᠤ ᠶᠠᠪᠣᠶ᠎ᠠ ᠭᠡᠵᠤ᠂ ᠦᠬᠢᠨ ᠮᠢᠨᠢ
ᠠᠷᠪᠠᠨ ᠳᠠᠪᠣᠳᠠᠢ᠌ᠬᠠᠨ ᠳᠤ ᠪᠠᠨ ᠠᠮᠠᠯᠠᠯ ᠭᠡᠮᠡᠷ ᠭᠡᠯᠡᠵᠤ ᠶᠠᠪᠣᠯ᠎ᠠ
ᠪᠠᠷ᠎ᠠ ᠴᠢᠨᠢ ᠵᠢᠵᠢᠭ᠍ᠷᠡᠭ᠍ᠰᠡᠭᠡᠷ ᠳᠠᠯᠳᠠ ᠣᠷᠤᠭᠰᠠᠨ ᠴᠤ
ᠪᠣᠳᠤᠯ ᠤᠨ ᠳᠤᠳᠤᠷ᠎ᠠ ᠪᠣᠭᠴᠤ ᠲᠡᠶ ᠪᠠᠨ ᠪᠣᠰᠤᠭ᠎ᠠ᠂ ᠦᠬᠢᠨ ᠮᠢᠨᠢ
ᠪᠣᠰᠤᠳ ᠤᠨ ᠭᠠᠵᠠᠷ ᠪᠣᠰᠤᠭ᠎ᠠ ᠵᠤᠷᠢᠭ ᠲᠡᠶ ᠣᠴᠢᠭᠰᠠᠨ ᠶᠢᠡᠷ ᠶᠢᠡᠨ
ᠪᠦᠷᠭᠦᠤᠨ ᠰᠢᠭ᠌ ᠶᠢᠡᠷ ᠨᠠᠩ ᠦᠨᠳᠦᠷ ᠢ ᠵᠤᠷᠢᠭᠠᠷᠠᠢ᠂ ᠦᠬᠢᠨ ᠮᠢᠨᠢ
ᠵᠤᠬᠢᠶᠠᠭᠴᠢ ᠶᠢᠨ ᠬᠠᠶᠢᠭ᠄ ᠲᠦᠰᠢᠶᠠᠳᠤ
ᠵᠤᠬᠢᠶᠠᠭᠴᠢ᠄ ᠣᠷᠭᠢᠯᠤᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2010 ᠤᠨ ᠤ 09 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ