ᠨᠡᠪᠲᠡᠷᠡᠨ ᠤᠷᠤᠬᠤ
ᠰᠢᠯᠢ ᠶᠢᠨ ᠭᠤᠤᠯ

ᠰᠢᠯᠢ ᠶᠢᠨ ᠭᠤᠤᠯ ᠮᠢᠨᠤ ᠳᠦᠷᠦᠭ᠍ᠰᠡᠨ ᠨᠤᠳᠤᠭ

ᠰᠢᠵᠢᠷᠯᠠᠨ ᠣᠷᠤᠰᠬᠤ ᠳᠠᠯᠠᠨ ᠨᠤᠭᠤᠯᠤᠭ᠎ᠠ ᠳᠠᠢ

ᠤᠭ᠍ᠶᠤ ᠨᠤᠭᠤᠭᠠᠨ ᠭᠡᠪᠢᠰ ᠤᠨ ᠳᠡᠪᠢᠰᠭᠡᠷ ᠳᠤᠨᠢ

ᠦᠨᠢᠷ ᠰᠦᠷᠦᠭ᠌ ᠤᠨ ᠳᠠᠩᠰᠤᠭ ᠪᠠᠯᠴᠢᠭᠡᠷ ᠲᠡᠶ ︕


ᠰᠢᠯᠢ ᠶᠢᠨ ᠭᠤᠤᠯ ᠮᠢᠨᠤ ᠣᠨᠠᠭᠰᠠᠨ ᠰᠢᠷᠤᠢ

ᠰᠡᠳᠭᠢᠯ ᠠᠭᠤᠵᠢᠷᠠᠮ᠎ᠠ ᠬᠠᠩᠭ᠋ᠠᠢ ᠳᠠᠯ᠎ᠠ ᠲᠡᠶ

ᠰᠤᠨᠤᠯᠵᠠᠨ ᠣᠷᠤᠰᠬᠤ ᠭᠤᠤᠯ ᠤᠨ ᠭᠦᠪᠠᠭᠡᠨ ᠳ᠋ᠤᠨᠢ

ᠢᠰᠡᠭᠡᠢ ᠴᠠᠭᠠᠨ ᠪᠦᠮᠪᠦᠭᠡᠨ ᠦᠷᠭᠦᠭᠡ ᠲᠡᠶ ︕


ᠰᠢᠯᠢ ᠶᠢᠨ ᠭᠤᠤᠯ ᠮᠢᠨᠤ ᠣᠤᠭᠤᠭᠰᠠᠨ ᠣᠮᠳᠠᠭᠠᠨ

ᠰᠢᠠᠳᠠᠰᠤ ᠴᠢᠩᠭ᠋ᠠᠯᠠᠬᠤ ᠣᠭᠠᠯᠵᠠᠨ ᠭᠤᠤᠯ ᠲᠡᠶ

ᠰᠠᠮᠪᠠᠢ ᠬᠠᠳᠠᠭ ᠰᠢᠭ ᠮᠢᠷᠠᠯᠵᠠᠬᠤ ᠭᠤᠤᠯ ᠨᠢ

ᠰᠢᠷᠭᠢᠰᠢ ᠦᠭᠡᠶ ᠳᠤᠯᠭᠢᠶᠠᠯᠠᠬᠤ ᠣᠠᠳᠤᠷᠤᠭ᠎ᠠ ᠲᠡᠶ ︕


ᠰᠢᠯᠢ ᠶᠢᠨ ᠭᠤᠤᠯ ᠮᠢᠨᠤ ᠳᠤᠯᠠᠭᠠᠨ ᠦᠯᠦᠭᠡᠢ

ᠰᠠᠨᠠᠪᠠᠯ ᠰᠠᠭᠠᠳᠠᠳᠠᠭ ᠳᠠᠷᠬᠠᠨ ᠪᠠᠭᠤᠴᠠ ᠳᠠᠢ

ᠠᠪᠣ ᠡᠵᠢ ᠶᠢᠨ ᠡᠩᠭᠦᠷᠡᠢ᠌ᠯᠡᠨ ᠪᠦᠪᠠᠢ᠌ᠯᠡᠭ᠍ᠰᠡᠨ ᠭᠤᠯᠤᠮᠳᠠ

ᠡᠭᠦᠷᠢᠳᠡ ᠳᠤᠷᠠᠰᠤᠭᠳᠠᠬᠤ ᠭᠠᠵᠠᠷ ᠣᠰᠤᠨ ᠭᠡᠯᠳᠡᠢ ︕


     2013 ᠣᠨ ᠤ 8 ᠰᠠᠷ᠎ᠠ ᠶᠢᠨ 21 ᠊ᠤ ᠡᠳᠦᠷ


ᠵᠤᠬᠢᠶᠠᠭᠴᠢ ᠶᠢᠨ ᠬᠠ‍‌ᠶᠢᠭ ᠄ ᠰᠦᠨᠢᠳ ᠵᠡᠭᠦᠨ ᠬᠤᠰᠢᠭᠤ

ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 11174
ᠴᠠᠭ᠄ 2013 ᠤᠨ ᠤ 09 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ