☆ ᠬᠦᠷᠡᠯᠤ᠋ᠨᠢᠰᠤ
ᠠᠷᠢᠭᠢ ᠶᠢ ᠠᠮᠢᠳᠤᠷᠠᠯ ᠰᠢᠭ ᠣᠤᠭᠤᠶ᠎ᠠ
ᠠᠬ᠎ᠠ ᠳᠡᠭᠦᠤ ᠶᠢᠨ ᠨᠠᠢ᠌ᠷ ᠲᠤ
ᠠᠷᠢᠭᠢ ᠳᠤᠳᠠᠵᠤ ᠪᠣᠯᠬᠤ ᠦᠭᠡᠶ᠂
ᠠᠷᠢᠭᠤᠨ ᠬᠠᠢ᠌ᠷ᠎ᠠ ᠪᠣᠴᠠᠯᠵᠤ ᠪᠠᠢ᠌ᠭᠰᠠᠨ ᠴᠤ
ᠠᠮᠢᠳᠤᠷᠠᠯ ᠤᠨ ᠴᠡᠭᠡᠷ ᠢ ᠮᠠᠷᠳᠠᠵᠤ ᠪᠣᠯᠬᠤ ᠦᠭᠡᠶ
ᠠᠷᠢᠭᠢᠨ ᠰᠢᠷᠡᠭᠡᠨ ᠳᠡᠭᠡᠷᠡᠭᠢ ᠥᠭᠡ ᠶᠢ
ᠳᠠᠮᠠᠢ ᠢᠳᠡᠭᠡᠵᠤ ᠪᠣᠯᠬᠤ ᠦᠭᠡᠶ᠂
ᠦᠨᠢ ᠮᠦᠩᠭᠡ ᠶᠢᠨ ᠨᠥᠭᠦᠷᠯᠡᠯ ᠢ
ᠳᠠᠢ᠌ᠮᠤ ᠭᠢᠯᠪᠠᠷ ᠪᠠᠢ᠌ᠭᠤᠯᠵᠤ ᠳᠡᠢ᠌ᠯᠭᠦ ᠦᠭᠡᠶ
ᠠᠪᠣ ᠶᠢᠨ ᠭᠦᠤ ᠶᠢᠨ ᠴᠢᠳᠠᠯ
ᠠᠭᠠᠭ ᠤᠨ ᠭᠦᠤ ᠶᠢ ᠳᠡᠢ᠌ᠯᠭᠦ ᠦᠭᠡᠶ᠂
ᠠᠭᠠᠭ ᠤᠨ ᠭᠦᠤ ᠶᠢ ᠠᠰᠢᠭᠯᠠᠵᠤ ᠴᠢᠳᠠᠭᠰᠠᠨ
ᠠᠪᠣ ᠶᠢᠨ ᠭᠦᠤ ᠠᠭᠤᠤ ᠶᠡᠭᠡ ᠶᠤᠮ
ᠠᠭᠤᠤ ᠶᠡᠭᠡ ᠭᠦᠮᠤᠨ ᠴᠢᠨᠢ ᠪᠠᠰᠠ
ᠠᠬᠠᠳᠠᠳᠠᠯᠠ ᠣᠤᠭᠤᠪᠠᠯ ᠵᠢᠭ᠍ᠰᠢᠭ᠍ᠳᠡᠳᠡᠭ᠌ ᠶᠤᠮ᠂
ᠠᠳᠠᠭ ᠤᠨ ᠮᠠᠭᠤ ᠠᠭᠠᠭᠰᠢᠯᠠᠭᠠᠤᠨ ᠵᠢᠭ᠍ᠰᠢᠭ᠍ᠳᠡᠳᠡᠭ᠌ ᠰᠢᠳᠠ
ᠠᠬ᠎ᠠ ᠳᠡᠭᠦᠤ ᠨᠡᠷ ᠮᠢᠨᠢ ᠪᠠᠭ᠎ᠠ ᠰᠢᠭ ᠣᠤᠭᠤᠭᠠᠷᠠᠢ
ᠴᠠᠭᠠᠨ ᠪᠠᠷᠠᠰ ᠵᠢᠯ ᠤᠨ ᠨᠠᠮᠤᠷ ᠤᠨ ᠳᠤᠮᠳᠠ ᠰᠠᠷ᠎ᠠ ᠠᠷᠢᠭᠢᠨ ᠰᠢᠷᠡᠭᠡᠨ᠎ᠡ
ᠵᠤᠬᠢᠶᠠᠭᠴᠢ ᠶᠢᠨ ᠬᠠᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ ᠶᠢᠨ ᠰᠤᠨᠢᠨ ᠮᠡᠳᠡᠭᠡᠨ ᠤ ᠰᠠᠯᠪᠤᠷᠢ ᠵᠢᠨ 2009 ᠣᠨ ᠤ ᠰᠤᠷᠪᠣᠯᠵᠢᠯᠭ᠎ᠠ᠂ ᠨᠠᠢ᠌ᠷᠠᠭᠤᠯᠭ᠎ᠠ ᠶᠢᠨ ᠨᠢᠭᠡᠳᠦᠭᠡᠷ ᠠᠩᠭᠢ
ᠵᠤᠬᠢᠶᠠᠭᠴᠢ᠄ ᠬᠦᠷᠡᠯᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2011 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ