ᠨᠡᠪᠲᠡᠷᠡᠨ ᠤᠷᠤᠬᠤ
ᠥᠪᠣᠷ ᠮᠤᠩᠭ᠋ᠤᠯ ᠤᠨ ᠮᠤᠩᠭ᠋ᠤᠯ ᠨᠠᠷ᠎ᠠ ᠳᠤᠮᠢᠶᠠᠨ ᠤ ᠰᠤᠳᠤᠯᠭᠠᠨ ᠤ ᠳᠣᠢ᠌ᠮᠤ

ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠥᠳᠲᠥᠷ ᠳᠦᠷᠭᠡᠨ ᠭᠦᠭ᠍ᠵᠢᠭᠦ ᠶᠢ ᠳᠠᠭᠠᠯᠳᠤᠨ ᠰᠢᠨ᠎ᠠ ᠰᠢᠨ᠎ᠠ ᠶᠠᠭᠤᠮ᠎ᠠ ᠥᠵᠡᠭ᠍ᠳᠡᠯ᠂ ᠣᠬᠠᠭᠳᠠᠬᠤᠨ ᠨᠤᠭᠤᠳ ᠳᠠᠰᠤᠷᠠᠯᠳᠠ ᠦᠭᠡᠶ ᠪᠣᠢ ᠪᠣᠯᠵᠤ᠂ ᠳᠡᠭᠦᠨ ᠤ ᠳᠠᠭᠠᠤ ᠳᠡᠳᠡᠭᠡᠷ ᠤᠨ ᠣᠠᠴᠠᠯᠢᠭ ᠲᠤ ᠨᠢ ᠳᠤᠭᠢᠷᠠᠭᠰᠠᠨ ᠨᠠᠷ᠎ᠠ ᠦᠭ‍‍ᠭᠦ ᠴᠢᠬᠤᠯᠠ ᠲᠡᠶ ᠪᠣᠯᠤᠭᠰᠠᠨ ᠪᠠᠢ᠌ᠨ᠎ᠠ᠃ ᠨᠠᠩ ᠢᠯᠠᠩᠭ᠋ᠤᠶ᠎ᠠ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠭᠦᠭ᠍ᠵᠢᠯᠳᠡ ᠪᠠᠷ ᠬᠤᠴᠤᠷᠠᠩᠭ᠋ᠤᠢ ᠦᠨᠳᠦᠰᠦᠳᠠᠨ ᠨᠢ ᠪᠣᠰᠤᠳ ᠦᠨᠳᠦᠰᠦᠳᠠᠨ ᠤ ᠰᠤᠳᠤᠯᠭᠠᠨ ᠤ ᠰᠢᠨ᠎ᠠ ᠰᠢᠨ᠎ᠠ ᠮᠡᠷᠭᠡᠵᠢᠯ ᠢ ᠰᠤᠷᠤᠯᠴᠠᠬᠤ ᠶᠢᠨ ᠳᠠᠭᠠᠤ ᠳᠡᠳᠡᠭᠡᠷ ᠰᠢᠨ᠎ᠠ ᠶᠠᠭᠤᠮ᠎ᠠ᠂ ᠥᠵᠡᠭ᠍ᠳᠡᠯ᠂ ᠣᠬᠠᠭᠳᠠᠬᠤᠨ ᠨᠤᠭᠤᠳ ᠲᠤ ᠦᠪᠡᠷ ᠤᠨ ᠦᠨᠳᠦᠰᠦᠳᠠᠨ ᠤ ᠪᠠᠨ ᠥᠭᠡ ᠭᠡᠯᠡᠨ ᠤ ᠪᠠᠨ ᠣᠠᠴᠠᠯᠢᠭ ᠲᠤ ᠳᠤᠭᠢᠷᠠᠭᠰᠠᠨ ᠰᠢᠨ᠎ᠠ ᠨᠠᠷ᠎ᠠ ᠣᠯᠭᠤᠬᠤ ᠴᠢᠬᠤᠯᠠ ᠲᠡᠶ ᠪᠣᠯᠪᠠ᠃ ᠡᠢ᠌ᠮᠤ ᠵᠡᠷᠭᠡ ᠶᠢᠨ ᠰᠢᠯᠳᠠᠭᠠᠨ ᠡᠴᠡ ᠭᠦᠭ᠍ᠵᠢᠭ᠍ᠰᠡᠨ ᠣᠯᠤᠰ ᠪᠠ ᠭᠦᠭ᠍ᠵᠢᠵᠤ ᠪᠠᠢ᠌ᠭ᠎ᠠ ᠣᠯᠤᠰ ᠤᠳ ᠢ ᠪᠠᠭᠳᠠᠭᠠᠭᠰᠠᠨ ᠳᠡᠯᠡᠭᠡᠢ ᠶᠢᠨ ᠴᠢᠨᠠᠷᠳᠠᠢ ᠨᠠᠷ᠎ᠠ ᠳᠤᠮᠢᠶᠠᠨ ᠤ ᠰᠤᠳᠤᠯᠭᠠᠨ ᠶᠡᠭᠡ ᠪᠠᠷ ᠦᠷᠨᠢᠵᠤ᠂ ᠣᠯᠠᠩᠭᠢ ᠣᠯᠤᠰ ᠤᠳ ᠨᠢ ᠨᠠᠷ᠎ᠠ ᠳᠤᠮᠢᠶᠠᠨ ᠤ ᠺᠤᠮᠢᠰ ᠪᠠᠢ᠌ᠭᠤᠯᠵᠤ᠂ ᠨᠠᠷ᠎ᠠ ᠳᠤᠮᠢᠶᠠᠨ ᠤ ᠰᠤᠳᠤᠯᠭᠠᠨ ᠢ ᠳᠤᠰᠬᠠᠢ ᠨᠢᠭᠡᠨ ᠰᠠᠯᠠᠭ᠎ᠠ ᠰᠢᠡᠵᠢᠯᠡᠭᠡᠨ ᠪᠣᠯᠭᠠᠨ ᠰᠤᠳᠤᠯᠵᠠᠭᠠᠵᠤ ᠪᠠᠢ᠌ᠨ᠎ᠠ᠃

ᠶᠠᠮᠠᠷ ᠨᠢᠭᠡᠨ ᠣᠯᠤᠰ ᠦᠨᠳᠦᠰᠦᠳᠠᠨ ᠳᠤ ᠠᠪᠴᠤ ᠭᠡᠯᠡᠪᠠᠯ ᠳᠠᠷᠠ ᠣᠯᠤᠰ ᠦᠨᠳᠦᠰᠦᠳᠠᠨ ᠤ ᠨᠠᠷ᠎ᠠ ᠳᠤᠮᠢᠶᠠᠨ ᠤ ᠭᠦᠭ᠍ᠵᠢᠯᠳᠡ ᠨᠢ ᠡᠨᠡᠭᠦ ᠣᠯᠤᠰ ᠦᠨᠳᠦᠰᠦᠳᠠᠨ ᠤ ᠰᠤᠶᠤᠯ᠂ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ᠂ ᠠᠵᠤ ᠠᠬᠤᠢ ᠶᠢᠨ ᠭᠦᠭ᠍ᠵᠢᠯᠳᠡ ᠶᠢ ᠰᠢᠭᠤᠳ ᠨᠥᠯᠦᠭᠡᠯᠡᠵᠤ᠂ ᠳᠡᠯᠡᠭᠡᠢ ᠶᠢᠨ ᠠᠯᠬᠤᠴᠠ ᠶᠢ ᠳᠠᠭᠠᠵᠤ ᠠᠮᠵᠢᠵᠤ ᠪᠠᠢ᠌ᠬᠤ ᠡᠰᠡᠭᠦ ᠶᠢ ᠰᠢᠭᠤᠳ ᠬᠠᠷᠠᠭᠤᠯᠬᠤ ᠳᠤᠯᠢᠨ ᠤ ᠨᠢᠭᠡ ᠨᠢ ᠪᠣᠯᠵᠤ ᠪᠣᠯᠤᠨ᠎ᠠ᠃ ᠠᠳᠠᠯᠢ ᠪᠠᠷ ᠮᠠᠨ ᠤ ᠣᠷᠤᠨ ᠤ ᠮᠤᠩᠭ᠋ᠤᠯ ᠨᠠᠷ᠎ᠠ ᠳᠤᠮᠢᠶᠠᠨ ᠤ ᠰᠤᠳᠤᠯᠭᠠᠨ ᠨᠠᠯᠢᠶᠠᠤᠨ ᠣᠷᠤᠭᠰᠢᠳᠠᠢ ᠶᠠᠪᠣᠭᠳᠠᠵᠤ ᠪᠠᠢ᠌ᠬᠤ ᠶᠢ ᠣᠯᠳᠠᠭᠰᠠᠨ ᠭᠡᠳᠤᠨ ᠮᠠᠲ᠋ᠸᠷᠢᠶᠠᠯ ᠶᠢᠡᠷ ᠡᠰᠢᠯᠡᠵᠤ ᠳᠣᠢ᠌ᠮᠤ ᠳᠠᠨᠢᠭᠤᠯᠤᠶ᠎ᠠ᠃

ᠮᠤᠩᠭ᠋ᠤᠯ ᠨᠠᠷ᠎ᠠ ᠳᠤᠮᠢᠶᠠᠨ ᠤ ᠳᠤᠬᠠᠢ ᠪᠢᠴᠢᠭ᠍ᠳᠡᠭ᠍ᠰᠡᠨ ᠳᠠᠪᠢᠭᠠᠤᠨ ᠥᠭᠦᠯᠡᠯ ᠪᠠ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠳᠣ᠊·ᠬᠠᠰᠪᠠᠭᠠᠨ᠎ᠠ ᠶᠢᠨ ᠪᠢᠴᠢᠭ᠍ᠰᠡᠨ 《ᠨᠠᠷ᠎ᠠ ᠳᠤᠮᠢᠶᠠᠨ ᠵᠦᠢ᠌ ᠶᠢᠨ ᠯᠸᠺᠼᠢ》 ᠢ ᠣᠩᠰᠢᠭᠠᠤᠨ ᠮᠠᠨ ᠤ ᠣᠷᠤᠨ ᠤ ᠮᠤᠩᠭ᠋ᠤᠯ ᠨᠠᠷ᠎ᠠ ᠳᠤᠮᠢᠶᠠᠨ ᠤ ᠠᠰᠠᠭᠤᠳᠠᠯ ᠳᠤ ᠦᠵᠡᠯᠳᠠ ᠰᠠᠨᠠᠯ ᠨᠢᠭᠡᠳᠦᠯ ᠦᠭᠡᠶ᠂ ᠵᠠᠷᠢᠮ ᠳᠠᠯ᠎ᠠ ᠪᠠᠷ ᠰᠠᠮᠠᠭᠤᠷᠠᠯ ᠪᠠᠢ᠌ᠬᠤ ᠶᠢ ᠦᠪᠡᠷ ᠤᠨ ᠦᠵᠡᠯᠳᠠ ᠲᠡᠶ ᠪᠠᠨ ᠳᠤᠭᠢᠷᠠᠭᠤᠯᠤᠨ ᠶᠠᠷᠢᠶ᠎ᠠ᠂ ᠡᠷᠳᠡᠮᠳᠡᠨ ᠮᠡᠷᠭᠡᠤᠨ ᠠᠩᠬᠠᠷᠤᠨ ᠳᠤᠯᠢᠳᠠᠬᠤ ᠪᠣᠯᠪᠠᠤ︕

ᠳᠡᠳᠡᠭᠡᠷ ᠵᠤᠬᠢᠶᠠᠯ ᠪᠦᠳᠦᠭᠡᠯ ᠢ ᠳᠤᠰ ᠪᠦᠷᠢ᠄ ᠨᠠᠷ᠎ᠠ ᠳᠤᠮᠢᠶᠠᠨ ᠤ ᠣᠨᠤᠯ ᠤᠨ ᠰᠤᠳᠤᠯᠭᠠᠨ᠂ ᠮᠤᠩᠭ᠋ᠤᠯ ᠨᠠᠷ᠎ᠠ ᠳᠤᠮᠢᠶ᠎ᠠ ᠪᠣᠯᠪᠠᠰᠤᠷᠠᠭᠤᠯᠬᠤ ᠠᠵᠢᠯ ᠤᠨ ᠵᠠᠷᠴᠢᠮ ᠤᠨ ᠰᠤᠳᠤᠯᠭᠠᠨ᠂ ᠮᠤᠩᠭ᠋ᠤᠯ ᠨᠠᠷ᠎ᠠ ᠳᠤᠮᠢᠶ᠎ᠠ ᠪᠣᠯᠪᠠᠰᠤᠷᠠᠭᠤᠯᠬᠤ ᠠᠷᠭ᠎ᠠ ᠠᠪᠴᠠᠯ ᠤᠨ ᠰᠤᠳᠤᠯᠭᠠᠨ᠂ ᠮᠤᠩᠭ᠋ᠤᠯ ᠨᠠᠷ᠎ᠠ ᠳᠤᠮᠢᠶᠠᠨ ᠤ ᠠᠭᠤᠯᠭ᠎ᠠ ᠮᠤᠩᠭ᠋ᠤᠯ ᠨᠠᠷ᠎ᠠ ᠳᠤᠮᠢᠶᠠᠨ ᠤ ᠠᠵᠢᠯ ᠤᠨ ᠵᠤᠬᠢᠶᠠᠨ ᠪᠠᠢ᠌ᠭᠤᠯᠤᠯᠳᠠ ᠵᠢᠴᠢ ᠮᠡᠳᠡᠭᠡ ᠵᠠᠩᠭᠢ ᠶᠢᠨ ᠳᠤᠬᠠᠢ ᠵᠡᠷᠭᠡ ᠳᠠᠪᠤᠨ ᠲᠦᠷᠦᠯ ᠬᠤᠪᠢᠶᠠᠵᠤ ᠪᠣᠯᠤᠨ᠎ᠠ᠃


ᠨᠢᠭᠡ᠂ ᠨᠠᠷ᠎ᠠ ᠳᠤᠮᠢᠶᠠᠨ ᠤ ᠣᠨᠤᠯ ᠤᠨ ᠰᠤᠳᠤᠯᠭᠠᠨ


⒈ᠮᠤᠩᠭ᠋ᠤᠯ ᠨᠠᠷ᠎ᠠ ᠳᠤᠮᠢᠶᠠᠨ ᠤ ᠣᠨᠤᠯ ᠤᠨ ᠰᠤᠳᠤᠯᠭᠠᠨ ᠤ ᠵᠤᠬᠢᠶᠠᠯ ᠤᠳ

ᠣᠨᠤᠯ ᠭᠡᠳᠡᠭ᠌ ᠪᠣᠯ ᠭᠦᠮᠦᠰ ᠤᠨ ᠪᠣᠳᠠᠳᠤ ᠥᠢᠯᠡᠳᠦᠯᠭᠡ ᠶᠢᠨ ᠳᠤᠮᠳᠠ ᠡᠴᠡ ᠭᠡᠢ᠌ᠰᠪᠦᠷᠢᠯᠡᠨ ᠬᠤᠷᠢᠶᠠᠩᠭ᠋ᠣᠢ᠌ᠯᠠᠵᠤ ᠭᠠᠷᠭᠠᠭᠰᠠᠨ ᠪᠠᠢ᠌ᠭᠠᠯᠢ ᠶ‍ᠢᠷᠳᠢᠠᠴᠤ ᠪᠣᠯᠤᠨ ᠨᠡᠢ᠌ᠭᠡᠮ ᠤᠨ ᠮᠡᠳᠡᠯᠭᠡ ᠶᠢᠨ ᠳᠤᠬᠠᠢ ᠰᠢᠰᠲ᠋ᠸᠮ ᠲᠡᠶ ᠳ᠋ᠦ᠋ᠩᠨᠡᠯᠲᠡ ᠶᠢ ᠭᠡᠯᠡᠨ᠎ᠡ᠃ ᠮᠤᠩᠭ᠋ᠤᠯ ᠨᠠᠷ᠎ᠠ ᠳᠤᠮᠢᠶᠠᠨ ᠤ ᠣᠨᠤᠯ ᠪᠣᠯ ᠪᠦᠭᠦᠢ᠌ᠯᠡ ᠮᠤᠩᠭ᠋ᠤᠯ ᠨᠠᠷ᠎ᠠ ᠳᠤᠮᠢᠶᠠᠨ ᠤ ᠳᠤᠬᠠᠢ ᠰᠢᠰᠲ᠋ᠸᠮ ᠲᠡᠶ ᠳ᠋ᠦ᠋ᠩᠨᠡᠯᠲᠡ ᠶᠢ ᠵᠢᠭᠠᠨ᠎ᠠ᠃

ᠡᠭᠦᠨ ᠳᠤ ᠠᠯᠢᠪᠠ ᠪᠣᠳᠠᠳᠤ ᠥᠢᠯᠡᠳᠦᠯᠭᠡ ᠶᠢᠨ ᠳᠤᠮᠳᠠᠭᠢ ᠠᠰᠠᠭᠤᠳᠠᠯ ᠢ ᠰᠢ᠌ᠦᠡᠪᠦᠷᠢᠯᠡᠭᠦ ᠳᠤ ᠭᠡᠢ᠌ᠰᠪᠦᠷᠢᠯᠡᠨ ᠭᠠᠷᠭᠠᠭᠰᠠᠨ ᠰᠢᠰᠲ᠋ᠸᠮᠳᠤ ᠰᠤᠳᠤᠯᠤᠯ ᠤᠨ ᠳ᠋ᠦ᠋ᠩ᠄ ① ᠣᠬᠠᠭᠳᠠᠬᠤᠨ ᠨᠠᠷ᠎ᠠ ᠶᠢᠨ ᠬᠤᠯᠪᠣᠭᠳᠠᠯ ② ᠳᠤᠳᠤᠷᠬᠠᠢ᠌ᠯᠠᠯᠳᠠ ᠶᠢᠨ ᠮᠤᠩᠭ᠋ᠤᠯ ᠨᠠᠷ᠎ᠠ ᠳᠤᠮᠢᠶᠠᠨ ᠳ᠋ᠠᠭᠢ ᠪᠠᠢ᠌ᠷᠢ ᠰᠠᠭᠤᠷᠢ ③ ᠪᠢᠴᠢᠭ᠌ ᠮᠠᠲ᠋ᠸᠷᠢᠶᠠᠯ ᠤᠨ ᠮᠤᠩᠭ᠋ᠤᠯ ᠨᠠᠷ᠎ᠠ ᠳᠤᠮᠢᠶᠠᠨ ᠳ᠋ᠠᠭᠢ ᠪᠠᠢ᠌ᠷᠢ ᠰᠠᠭᠤᠷᠢ ④ ᠮᠤᠩᠭ᠋ᠤᠯ ᠨᠠᠷ᠎ᠠ ᠳᠤᠮᠢᠶᠠᠨ ᠤ ᠨᠡᠢ᠌ᠭᠡᠮ ᠤᠨ ᠬᠠᠷᠢᠴᠠᠭᠠᠨ ᠤ ᠪᠠᠢ᠌ᠷᠢ ᠰᠠᠭᠤᠷᠢ ⑤ ᠮᠤᠩᠭ᠋ᠤᠯ ᠨᠠᠷ᠎ᠠ ᠳᠤᠮᠢᠶᠠᠨ ᠤ ᠰᠢᠡᠵᠢᠯᠡᠭᠦ ᠣᠬᠠᠭᠠᠨ ᠤ ᠭᠦᠷᠢᠶ᠎ᠡ ᠭᠡᠪᠴᠢᠶᠡᠨ ᠳ᠋ᠠᠭᠢ ᠪᠠᠢ᠌ᠷᠢ ᠰᠠᠭᠤᠷᠢ ⑥ ᠮᠤᠩᠭ᠋ᠤᠯ ᠨᠠᠷ᠎ᠠ ᠳᠤᠮᠢᠶᠠᠨ ᠤ ᠮᠤᠩᠭ᠋ᠤᠯ ᠭᠡᠯᠡᠨ ᠤ ᠰᠢᠠᠵᠢᠯᠠᠯ ᠤᠨ ᠠᠢ ᠳ᠋ᠠᠭᠢ ᠪᠠᠢ᠌ᠷᠢ ᠰᠠᠭᠤᠷᠢ ⑦ ᠮᠤᠩᠭ᠋ᠤᠯ ᠨᠠᠷ᠎ᠠ ᠳᠤᠮᠢᠶᠠᠨ ᠤ ᠠᠵᠢᠯ ᠭᠢᠭᠡᠤᠨ ᠰᠤᠷᠭᠠᠨ ᠭᠦᠮᠦᠵᠢᠯ ᠤᠨ ᠬᠠᠷᠢᠴᠠᠭ᠎ᠠ ⑧ ᠮᠤᠩᠭ᠋ᠤᠯ ᠨᠠᠷ᠎ᠠ ᠳᠤᠮᠢᠶᠠᠨ ᠤ ᠳᠦᠷᠢᠮᠵᠢᠯ ᠭᠢᠭᠡᠤᠨ ᠨᠡᠢ᠌ᠭᠡᠮ ᠤᠨ ᠥᠵᠡᠭ᠍ᠳᠡᠯ ᠤᠨ ᠬᠠᠷᠢᠴᠠᠭ᠎ᠠ ᠵᠡᠷᠭᠡ ᠶᠢ ᠪᠠᠭᠳᠠᠭᠠᠨ᠎ᠠ᠃

ᠡᠨᠡ ᠳᠠᠯ᠎ᠠ ᠪᠠᠷ ᠭᠢ ᠰᠤᠳᠤᠯᠤᠯ ᠳᠤ᠄ ① ᠪᠣᠤ ᠴᠢᠩ ᠱᠠᠨ ᠤ ᠪᠢᠴᠢᠭ᠍ᠰᠡᠨ 《ᠨᠠᠷ᠎ᠠ ᠳᠤᠮᠢᠶᠠᠨ ᠤ ᠨᠠᠷᠠᠯᠠᠯᠳᠠ ᠪᠠ ᠪᠠᠷᠢᠮᠵᠢᠶᠠᠯᠠᠯᠳᠠ ᠶᠢᠨ ᠵᠠᠷᠴᠢᠮ ᠤᠨ ᠳᠤᠬᠠᠢ》 ᠭᠡᠭᠦ ᠵᠤᠬᠢᠶᠠᠯ ② ᠳᠣ᠊·ᠬᠠᠰᠪᠠᠭᠠᠨ᠎ᠠ᠂ ᠤᠶ‍ᠦᠡᠴᠢᠮᠡᠭ᠌ ᠤᠨ ᠪᠢᠴᠢᠭ᠍ᠰᠡᠨ 《ᠨᠠᠷ᠎ᠠ ᠳᠤᠮᠢᠶᠠᠨ ᠤ ᠰᠤᠳᠤᠯᠤᠯ ᠤᠨ ᠳᠤᠬᠠᠢ ᠭᠡᠳᠤᠨ ᠠᠰᠠᠭᠤᠳᠠᠯ》 ᠭᠡᠭᠦ ᠵᠤᠬᠢᠶᠠᠯ ③ ᠳᠣ᠊·ᠬᠠᠰᠪᠠᠭᠠᠨ᠎ᠠ ᠶᠢᠨ ᠪᠢᠴᠢᠭ᠍ᠰᠡᠨ 《本体论与术语学有什么关系》 ᠭᠡᠭᠦ ᠵᠤᠬᠢᠶᠠᠯ ᠪᠠ ᠳᠣ᠊·ᠬᠠᠰᠪᠠᠭᠠᠨ᠎ᠠ ᠶᠢᠨ ᠪᠢᠴᠢᠭ᠍ᠰᠡᠨ 《ᠨᠠᠷ᠎ᠠ ᠳᠤᠮᠢᠶᠠᠨ ᠵᠦᠢ᠌ ᠶᠢᠨ ᠯᠸᠺᠼᠢ》 ᠭᠡᠭᠦ ᠭᠡᠪᠯᠡᠯ ᠳᠤ ᠣᠷᠤᠭ᠎ᠠ ᠦᠭᠡᠶ ᠨᠤᠮ ᠤᠨ ᠨᠢᠭᠡᠳᠦᠭᠡᠷ ᠨᠠᠢ᠌ᠷᠠᠭᠤᠯᠤᠯ ᠤᠨ ᠨᠢᠭᠡᠳᠦᠭᠡᠷ ᠪᠦᠯᠦᠭ᠌ ᠪᠠ ᠭᠤᠷᠪᠠᠳᠤᠭᠠᠷ ᠪᠦᠯᠦᠭ᠌ ᠢ ᠳᠤᠷᠠᠤᠠᠴᠤ ᠪᠣᠯᠤᠨ᠎ᠠ᠃

⒉ᠣᠨᠤᠯ ᠤᠨ ᠳ᠋ᠦ᠋ᠩᠨᠡᠯᠲᠡ

⑴ ᠨᠠᠷ᠎ᠠ ᠳᠤᠮᠢᠶᠠᠨ ᠤ ᠰᠤᠳᠤᠯᠤᠯ ᠪᠣᠯ ᠭᠡᠯᠡᠨ ᠤ ᠨᠢᠭᠡ ᠵᠣᠢ᠌ᠯ ᠤᠨ ᠥᠵᠡᠭ᠍ᠳᠡᠯ ᠮᠥᠷᠳᠡᠭᠡᠨ ᠡᠯ᠎ᠡ ᠲᠦᠷᠦᠯ ᠤᠨ ᠰᠢᠡᠵᠢᠯᠡᠭᠡᠨ ᠤ ᠰᠠᠯᠪᠣᠷᠢ ᠨᠤᠭᠤᠳ᠂ ᠣᠠᠴᠠᠭᠠᠢ᠌ᠯᠠᠨ ᠰᠤᠷᠭᠠᠨ ᠭᠦᠮᠦᠵᠢᠯ ᠤᠨ ᠭᠦᠷᠢᠶᠡᠨ ᠤ ᠡᠯ᠎ᠡ ᠭᠢᠴᠢᠶᠠᠯ ᠲᠦᠷᠦᠯ᠂ ᠢᠯᠠᠩᠭ᠋ᠤᠶ᠎ᠠ ᠵᠢᠭᠠᠬᠤ ᠮᠠᠲ᠋ᠸᠷᠢᠶᠠᠯ ᠨᠠᠢ᠌ᠷᠠᠭᠤᠯᠬᠤ ᠵᠡᠷᠭᠡ ᠠᠵᠢᠯ ᠳᠤ ᠨᠠᠢ᠌ᠳᠠᠮ ᠬᠤᠯᠪᠣᠭᠳᠠᠬᠤ ᠨᠢᠭᠡ ᠲᠦᠷᠦᠯ ᠤᠨ ᠪᠠᠶ᠎ᠠ ᠪᠠᠨ ᠳᠠᠭᠠᠭᠠᠭᠰᠠᠨ ᠵᠠᠬ᠎ᠠ ᠶᠢᠨ ᠰᠢᠡᠵᠢᠯᠡᠭᠦ ᠣᠬᠠᠭᠠᠨ ᠮᠦᠨ᠃

⑵ ᠨᠠᠷ᠎ᠠ ᠳᠤᠮᠢᠶ᠎ᠠ ᠪᠣᠯ ᠥᠭᠡᠰ ᠤᠨ ᠰᠠᠩ ᠤᠨ ᠨᠠᠯᠢᠶᠠᠤᠨ ᠪᠣᠯᠪᠠᠰᠤᠷᠠᠭᠰᠠᠨ ᠭᠡᠰᠡᠭ᠌ ᠪᠣᠯᠬᠤ ᠪᠦᠭᠡᠤᠨ ᠰᠤᠶᠤᠯ ᠣᠷᠠᠯᠢᠭ᠂ ᠣᠯᠤᠰ ᠲᠦᠷᠦ᠂ ᠡᠳ᠋ ᠤᠨ ᠵᠠᠰᠠᠭ᠂ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠠᠯᠢ ᠨᠢᠭᠡᠨ ᠰᠠᠯᠪᠣᠷᠢ ᠳᠤ ᠴᠤ ᠳᠤᠭᠳᠠᠮᠠᠯ ᠭᠡᠷᠡᠭᠯᠡᠭ᠍ᠳᠡᠭᠦ ᠣᠨᠤᠪᠴᠢᠳᠠᠢ ᠣᠬᠠᠭᠳᠠᠬᠤᠨ ᠢ ᠢᠯᠡᠳᠭᠡᠭ᠍ᠰᠡᠨ᠂ ᠭᠠᠭᠴᠠ ᠣᠤᠠᠬ᠎ᠠ ᠬᠠᠳᠠᠭᠠᠯᠠᠭᠰᠠᠨ᠂ ᠵᠤᠷᠢᠭᠤᠳᠠ ᠪᠣᠯᠪᠠᠰᠤᠷᠠᠭᠤᠯᠤᠨ ᠵᠤᠬᠢᠶᠠᠭᠰᠠᠨ ᠨᠠᠷᠠᠢ᠌ᠳᠤᠯ ᠥᠭᠡ ᠶᠢ ᠭᠡᠯᠡᠨ᠎ᠡ᠃ ᠨᠠᠷᠠᠢ᠌ᠳᠤᠯ ᠪᠣᠯ ᠨᠠᠷ᠎ᠠ ᠳᠤᠮᠢᠶᠠᠨ ᠤ ᠢᠯᠡᠷᠡᠭᠦ ᠭᠡᠯᠪᠠᠷᠢ᠂ ᠳᠠᠷᠤᠢ ᠨᠢᠭᠡᠨ ᠳᠤᠭᠳᠠᠭᠰᠠᠨ ᠠᠷᠭ᠎ᠠ ᠡᠰᠡᠭᠦᠯ᠎ᠡ ᠳᠠᠤᠠᠬᠠᠯ ᠶᠢᠡᠷ ᠣᠬᠠᠭᠳᠠᠬᠤᠨ ᠢ ᠳᠦᠯᠦᠭᠡᠯᠡᠵᠤ ᠪᠠᠢ᠌ᠬᠤ ᠭᠡᠯᠪᠠᠷᠢ ᠮᠦᠨ᠃

⑶ ᠣᠨᠤᠯ ᠤᠨ ᠵᠢᠯᠤᠭᠤᠳᠤᠯᠭ᠎ᠠ ᠶᠢᠨ ᠴᠢᠬᠤᠯᠠ ᠴᠢᠨᠠᠷ᠄

①ᠵᠦᠪ ᠣᠨᠤᠯ ᠤᠨ ᠵᠢᠯᠤᠭᠤᠳᠤᠯᠭ᠎ᠠ ᠦᠭᠡᠶ ᠪᠣᠯ ᠨᠠᠷ᠎ᠠ ᠳᠤᠮᠢᠶᠠᠨ ᠤ ᠠᠵᠢᠯ ᠵᠤᠭᠰᠤᠩᠭ᠋ᠣᠢ᠌ᠷᠠᠬᠤ ᠪᠠᠢ᠌ᠳᠠᠯ ᠲᠡᠶ ᠪᠣᠯᠤᠨ᠎ᠠ

②ᠨᠠᠷ᠎ᠠ ᠳᠤᠮᠢᠶᠠᠨ ᠤ ᠠᠵᠢᠯ ᠵᠦᠪ ᠣᠨᠤᠯ ᠤᠨ ᠵᠢᠯᠤᠭᠤᠳᠤᠯᠭ᠎ᠠ ᠦᠭᠡᠶ ᠶᠤᠮ ᠪᠣᠯ ᠨᠠᠷ᠎ᠠ ᠳᠤᠮᠢᠶᠠᠨ ᠤ ᠠᠵᠢᠯ ᠣᠯᠤᠰ ᠲᠦᠷᠦ ᠶᠢᠨ ᠠᠭᠤᠷ ᠠᠮᠢᠰᠬᠤᠯ ᠵᠡᠷᠭᠡ ᠡᠯ᠎ᠡ ᠵᠣᠢ᠌ᠯ ᠤᠨ ᠰᠢᠯᠳᠠᠭᠠᠨ ᠳᠤ ᠠᠮᠠᠷᠬᠠᠨ ᠨᠥᠯᠦᠭᠡᠯᠡᠭ᠍ᠳᠡᠨ᠎ᠡ

③ᠨᠠᠷ᠎ᠠ ᠳᠤᠮᠢᠶᠠᠨ ᠤ ᠠᠵᠢᠯ ᠳᠤ ᠵᠦᠪ ᠣᠨᠤᠯ ᠤᠨ ᠵᠢᠯᠤᠭᠤᠳᠤᠯᠭ᠎ᠠ ᠦᠭᠡᠶ ᠪᠣᠯ ᠨᠠᠷ᠎ᠠ ᠳᠤᠮᠢᠶ᠎ᠠ ᠰᠠᠮᠠᠭᠤᠷᠠᠨ᠎ᠠ᠃

⑷ ᠣᠨᠤᠯ ᠤᠨ ᠦᠨᠳᠦᠰᠦ᠄

① ᠨᠠᠷ᠎ᠠ ᠳᠤᠮᠢᠶ᠎ᠠ ᠨᠢ ᠣᠬᠠᠭᠳᠠᠬᠤᠨ ᠪᠠ ᠣᠬᠠᠭᠳᠠᠬᠤᠨ ᠢ ᠳᠦᠯᠦᠭᠡᠯᠡᠭᠦ ᠨᠠᠷ᠎ᠠ ᠬᠤᠶᠠᠷ ᠶᠢᠡᠷ ᠪᠦᠷᠢᠯᠳᠦᠭᠦ ᠭᠡᠯᠡᠨ ᠤ ᠥᠵᠡᠭ᠍ᠳᠡᠯ ᠮᠦᠨ᠃ ᠳᠠᠷᠠ ᠨᠢ ᠡᠷᠭᠡᠪᠰᠢ ᠳᠤᠬᠠᠢ ᠶᠢᠨ ᠳᠤᠰᠬᠠᠢ ᠮᠡᠷᠭᠡᠵᠢᠯ ᠤᠨ ᠣᠬᠠᠭᠳᠠᠬᠤᠨ ᠢ ᠳᠤᠪᠴᠢ ᠣᠨᠤᠪᠴᠢᠳᠠᠢ ᠳᠡᠮᠳᠡᠭᠯᠡᠭ᠍ᠰᠡᠨ ᠪᠠᠢ᠌ᠬᠤ ᠭᠡᠷᠡᠭ᠍ᠳᠡᠢ

② ᠨᠢᠭᠡ ᠣᠬᠠᠭᠳᠠᠬᠤᠨ ᠳᠤ ᠨᠢᠭᠡᠯᠡ ᠨᠠᠷ᠎ᠠ ᠳᠤᠮᠢᠶ᠎ᠠ ᠬᠠᠷᠠᠭᠠᠯᠵᠠᠬᠤ ᠭᠡᠷᠡᠭ᠍ᠳᠡᠢ᠃

③ ᠣᠬᠠᠭᠳᠠᠬᠤᠨ ᠨᠢᠭᠡᠪᠦᠷᠢ ᠳᠤᠰ ᠳᠤᠰ ᠤᠨ ᠭᠢ ᠪᠠᠨ ᠶᠠᠮᠠᠷ ᠨᠢᠭᠡᠨ ᠣᠬᠠᠭᠳᠠᠬᠤᠨ ᠤ ᠰᠢᠰᠲ᠋ᠸᠮ ᠳᠤ ᠬᠠᠷᠢᠶᠠᠯᠠᠭᠳᠠᠬᠤ ᠶᠤᠮ

④ᠶᠠᠮᠠᠷ ᠨᠢᠭᠡᠨ ᠨᠠᠷ᠎ᠠ ᠳᠤᠮᠢᠶᠠᠨ ᠤ ᠨᠠᠷᠠᠯᠠᠯᠳᠠ ᠨᠢ ᠭᠡᠴᠢᠨᠡᠨ ᠣᠷᠳᠤ᠂ ᠭᠡᠴᠢᠨᠡᠨ ᠪᠣᠳᠤᠯᠢᠶᠠᠨ ᠲᠡᠶ ᠪᠠᠢ᠌ᠭᠰᠠᠨ ᠴᠤ᠂ ᠣᠨᠤᠯ ᠤᠨ ᠳᠠᠯ᠎ᠠ ᠪᠠᠷ ᠴᠤᠷᠢ ᠶᠢᠨ ᠭᠠᠭᠴᠠ ᠣᠬᠠᠭᠳᠠᠬᠤᠨ ᠤ ᠳᠦᠯᠦᠭᠡᠯᠡᠭ᠍ᠴᠢ ᠪᠣᠯᠬᠤ ᠶᠤᠰᠤᠳᠠᠢ

⑤ᠢᠵᠢᠯ ᠳᠦᠷᠰᠦ ᠲᠡᠶ ᠢᠵᠢᠯ ᠳᠠᠭᠤᠳᠠᠯᠭ᠎ᠠ ᠲᠡᠶ ᠪᠠᠢ᠌ᠪᠠᠴᠤ ᠣᠠᠳᠤᠤ ᠣᠤᠠᠬ᠎ᠠ ᠲᠡᠶ ᠨᠠᠷᠠᠰ ᠪᠣᠳᠠᠳᠤ ᠭᠡᠷᠡᠭᠯᠡᠭᠡᠨ ᠳᠡᠭᠡᠨ ᠬᠠᠷᠢᠯᠴᠠᠨ ᠬᠤᠤᠠᠬᠤᠯᠳᠤᠬᠤ ᠦᠭᠡᠶ᠂ ᠰᠠᠯᠪᠣᠷᠢ ᠣᠤᠠᠬ᠎ᠠ ᠲᠡᠶ ᠪᠣᠯᠬᠤ ᠦᠭᠡᠶ᠃

⑸ ᠨᠡᠷᠡᠯᠡᠭᠦ ᠵᠠᠷᠴᠢᠮ᠄

① ᠨᠠᠷ᠎ᠠ ᠳᠤᠮᠢᠶ᠎ᠠ ᠶᠢ ᠨᠡᠷᠡᠯᠡᠭᠦ ᠳᠤ ᠥᠭᠡ ᠵᠦᠢ᠌ ᠶᠢ ᠪᠠᠷᠢᠮᠳᠠᠯᠠᠬᠤ ᠭᠡᠷᠡᠭ᠍ᠳᠡᠢ

② ᠨᠠᠷ᠎ᠠ ᠳᠤᠮᠢᠶ᠎ᠠ ᠶᠢ ᠨᠡᠷᠡᠯᠡᠭᠦ ᠳᠤ ᠣᠬᠤᠷ ᠠᠪᠰᠠᠷᠬᠠᠨ ᠢ ᠡᠷᠭᠢᠮᠯᠡᠭᠦ ᠭᠡᠷᠡᠭ᠍ᠳᠡᠢ

③ ᠨᠠᠷ᠎ᠠ ᠳᠤᠮᠢᠶᠠᠨ ᠳᠤ ᠬᠠᠭᠤᠯᠪᠣᠷᠢ ᠨᠠᠷ᠎ᠠ ᠶᠢ ᠴᠥᠭᠡᠭᠡᠷᠡᠭᠦᠯᠪᠠᠯ ᠵᠤᠭᠢᠨ᠎ᠠ

④ ᠨᠠᠷ᠎ᠠ ᠳᠤᠮᠢᠶ᠎ᠠ ᠶᠢ ᠨᠡᠷᠡᠯᠡᠭᠦ ᠳᠤ ᠥᠭᠡ ᠭᠡᠯᠡᠨ ᠤ ᠪᠠᠨ ᠴᠡᠪᠠᠷᠵᠢᠭᠦᠨ ᠢ ᠡᠷᠭᠢᠮᠯᠡᠭᠦ ᠭᠡᠷᠡᠭ᠍ᠳᠡᠢ

ᠨᠢᠭᠡᠳᠦᠭᠡᠷ ᠲᠤ᠂ ᠬᠠᠷᠢ ᠭᠡᠯᠡ ᠪᠠᠷ ᠳᠡᠮᠳᠡᠭᠯᠡᠵᠤ ᠪᠠᠢ᠌ᠭ᠎ᠠ ᠣᠬᠠᠭᠳᠠᠬᠤᠨ ᠪᠣᠶᠤ ᠨᠡᠷᠡᠯᠡᠭᠡ ᠦᠭᠡᠶ ᠣᠬᠠᠭᠳᠠᠬᠤᠨ ᠢ ᠦᠪᠡᠷ ᠤᠨ ᠥᠭᠡᠰ ᠤᠨ ᠰᠠᠩ ᠡᠴᠡ 《ᠠᠭᠤᠳᠠᠯᠠᠵᠤ》 ᠣᠯᠬᠤ ᠨᠥᠭᠦᠴᠡᠯ ᠳᠤ ᠠᠯᠢ ᠪᠣᠯᠬᠤ ᠪᠠᠷ 《ᠠᠭᠤᠳᠠᠯᠠᠬᠤ》 ᠠᠷᠭ᠎ᠠ ᠪᠠᠷ ᠨᠡᠷᠡᠯᠡᠭᠦ ᠡᠴᠡ ᠪᠢᠰᠢ᠂ ᠬᠠᠷᠢ ᠭᠡᠯᠡᠨ ᠤ ᠨᠠᠷ᠎ᠠ ᠳᠤᠮᠢᠶ᠎ᠠ ᠶᠢ ᠵᠢᠭᠡᠯᠡᠭᠦ ᠦᠭᠡᠶ

ᠬᠤᠶᠠᠳᠤᠭᠠᠷ ᠲᠤ᠂ ᠳᠤᠬᠠᠢ ᠶᠢᠨ ᠣᠬᠠᠭᠳᠠᠬᠤᠨ ᠢ ᠳᠡᠮᠳᠡᠭᠯᠡᠵᠤ ᠴᠢᠳᠠᠬᠤ ᠪᠠᠯᠠᠨ ᠥᠭᠡ ᠥᠭᠡᠰ ᠤᠨ ᠰᠠᠩ ᠳᠤ ᠪᠠᠢ᠌ᠬᠤ ᠦᠭᠡᠶ ᠪᠣᠯ 《ᠵᠤᠬᠢᠶᠠᠬᠤ》 ᠠᠷᠭ᠎ᠠ ᠪᠠᠷ ᠰᠢᠨ᠎ᠠ ᠨᠠᠷ᠎ᠠ ᠪᠦᠳᠦᠭᠡᠵᠤ ᠨᠡᠷᠡᠯᠡᠭᠦ ᠪᠣᠯᠤᠮᠵᠢᠳᠠᠢ ᠪᠣᠯ ᠬᠠᠷᠢ ᠭᠡᠯᠡᠨ ᠤ ᠨᠠᠷ᠎ᠠ ᠳᠤᠮᠢᠶ᠎ᠠ ᠶᠢ ᠵᠢᠭᠡᠯᠡᠭᠦ ᠦᠭᠡᠶ

ᠭᠤᠷᠪᠠᠳᠤᠭᠠᠷ ᠲᠤ᠂ ᠳᠤᠬᠠᠢ ᠶᠢᠨ ᠣᠬᠠᠭᠳᠠᠬᠤᠨ ᠢ ᠳᠡᠮᠳᠡᠭᠯᠡᠭᠦ ᠡᠭᠡ ᠭᠡᠯᠡᠨ ᠤ ᠪᠣᠯᠤᠮᠵᠢ ᠪᠠᠢ᠌ᠪᠠᠴᠤ᠂ ᠰᠢᠡᠵᠢᠯᠡᠭᠦ ᠣᠬᠠᠭᠠᠨ ᠤ ᠮᠡᠳᠡᠭᠡᠯᠡᠯ ᠳᠤ ᠣᠯᠠᠨ ᠣᠯᠤᠰ ᠤᠨ ᠴᠢᠨᠠᠷᠳᠠᠢ ᠭᠡᠷᠡᠭᠯᠡᠭᠦ ᠪᠠᠷ ᠳᠤᠷᠠᠳᠤᠭᠰᠠᠨ ᠪᠣᠶᠤ ᠭᠡᠷᠡᠭᠯᠡᠵᠤ ᠭᠡᠪᠰᠢᠭ᠍ᠰᠡᠨ ᠬᠠᠷᠢ ᠭᠡᠯᠡᠨ ᠤ ᠨᠠᠷ᠎ᠠ ᠳᠤᠮᠢᠶ᠎ᠠ ᠶᠢ ᠵᠢᠭᠡᠯᠡᠭᠦ ᠠᠷᠭ᠎ᠠ ᠪᠠᠷ ᠨᠠᠷᠠᠯᠠᠨ᠎ᠠ

ᠳᠦᠷᠪᠠᠳᠦᠭᠡᠷ ᠲᠤ᠂ ᠬᠠᠷᠢ ᠭᠡᠯᠡᠨ ᠤ ᠥᠭᠡ ᠪᠠᠷ ᠳᠡᠮᠳᠡᠭᠯᠡᠭ᠍ᠰᠡᠨ ᠣᠬᠠᠭᠳᠠᠬᠤᠨ ᠢ ᠡᠭᠡ ᠭᠡᠯᠡᠨ ᠳᠤ ᠳᠡᠮᠳᠡᠭᠯᠡᠵᠤ ᠴᠢᠳᠠᠬᠤ ᠪᠣᠯᠤᠮᠵᠢ ᠦᠭᠡᠶ ᠪᠣᠯ ᠣᠯᠠᠨ ᠣᠯᠤᠰ ᠤᠨ ᠴᠢᠨᠠᠷᠳᠠᠢ ᠨᠠᠷ᠎ᠠ ᠳᠤᠮᠢᠶ᠎ᠠ ᠪᠢᠰᠢ ᠪᠣᠯᠪᠠᠴᠤ 《ᠵᠢᠭᠡᠯᠡᠭᠦ》 ᠠᠷᠭ᠎ᠠ ᠪᠠᠷ ᠨᠠᠷᠠᠯᠠᠨ᠎ᠠ᠃

⑹ ᠨᠠᠷ᠎ᠠ ᠳᠤᠮᠢᠶᠠᠨ ᠤ ᠰᠤᠳᠤᠯᠤᠯ ᠪᠠ ᠥᠭᠡᠰ ᠤᠨ ᠰᠠᠩ ᠤᠨ ᠰᠢᠠᠵᠢᠯᠠᠯ ᠤᠨ ᠢᠯᠭᠠᠭ᠎ᠠ᠄

①ᠰᠤᠳᠤᠯᠤᠭᠳᠠᠬᠤᠨ ᠤ ᠳᠠᠯ᠎ᠠ ᠪᠠᠷ ᠣᠠᠴᠠᠭᠠᠢ ᠢᠯᠭᠠᠭ᠎ᠠ ᠲᠡᠶ

②ᠰᠤᠳᠤᠯᠤᠯᠳᠠ ᠶᠢᠨ ᠵᠤᠷᠢᠯᠳᠠ ᠨᠢ ᠠᠳᠠᠯᠢ ᠦᠭᠡᠶ

③ ᠰᠤᠳᠤᠯᠤᠯᠳᠠ ᠶᠢᠨ ᠠᠷᠭ᠎ᠠ ᠮᠠᠶ‍ᠢᠭ ᠨᠢ ᠠᠳᠠᠯᠢ ᠦᠭᠡᠶ

④ ᠨᠠᠷ᠎ᠠ ᠳᠤᠮᠢᠶᠠᠨ ᠤ ᠳᠤᠯᠢ ᠪᠠ ᠥᠭᠡᠰ ᠤᠨ ᠰᠠᠩ ᠤᠨ ᠳᠤᠯᠢ ᠶᠢ ᠨᠠᠢ᠌ᠷᠠᠭᠤᠯᠬᠤ ᠠᠷᠭ᠎ᠠ ᠨᠢ ᠠᠳᠠᠯᠢ ᠦᠭᠡᠶ᠃

⑺ ᠬᠣᠢ᠌ᠰᠢᠳᠠ ᠠᠩᠬᠠᠷᠬᠤ ᠵᠣᠢ᠌ᠯ᠄

① ᠣᠨᠤᠯ ᠤᠨ ᠰᠤᠳᠤᠯᠭᠠᠨ ᠢ ᠴᠢᠩᠭ᠋ᠠᠤᠠᠬᠠᠨ᠂ ᠣᠨᠤᠯ ᠤᠨ ᠳᠠᠯ᠎ᠠ ᠪᠠᠷ ᠳᠡᠭᠡᠭ᠍ᠰᠢᠯᠡᠭᠦᠯᠭᠦ ᠭᠡᠷᠡᠭ᠍ᠳᠡᠢ

② ᠬᠠᠷᠢᠭᠤᠴᠠᠯᠭᠠᠳᠠᠤᠨ ᠳᠠᠨᠢᠯᠳᠠ ᠪᠠᠨ ᠳᠡᠭᠡᠭ᠍ᠰᠢᠯᠡᠭᠦᠯᠤᠨ᠂ ᠠᠳᠠᠯᠢ ᠪᠣᠰᠤ ᠦᠵᠡᠯᠳᠠ ᠳᠠᠨᠢᠯᠳᠠ ᠶᠢ ᠨᠢᠭᠡᠳᠭᠡᠭᠦ ᠭᠡᠷᠡᠭ᠍ᠳᠡᠢ

③ ᠨᠠᠷ᠎ᠠ ᠳᠤᠮᠢᠶᠠᠨ ᠤ ᠰᠤᠳᠤᠯᠤᠯ ᠢ ᠨᠡᠢ᠌ᠭᠡᠮ ᠳᠠᠶᠠᠭᠠᠷ ᠳᠦᠭᠡᠮᠡᠯᠵᠢᠭᠦᠯᠭᠦ ᠭᠡᠷᠡᠭ᠍ᠳᠡᠢ

④ ᠨᠠᠷ᠎ᠠ ᠳᠤᠮᠢᠶᠠᠨ ᠤ ᠣᠨᠤᠯ ᠤᠨ ᠰᠤᠳᠤᠯᠤᠯ ᠢ ᠰᠢᠰᠲ᠋ᠸᠮᠴᠢᠯᠡᠭᠦ ᠭᠡᠷᠡᠭ᠍ᠳᠡᠢ

⑤ ᠨᠠᠷ᠎ᠠ ᠳᠤᠮᠢᠶᠠᠨ ᠤ ᠰᠤᠳᠤᠯᠤᠯ ᠤᠨ ᠭᠢᠴᠢᠶᠠᠯ ᠢ ᠶᠡᠭᠡ ᠰᠤᠷᠭᠠᠭᠤᠯᠢ ᠶᠢᠨ ᠵᠠᠷᠢᠮ ᠳᠤᠰᠬᠠᠢ ᠮᠡᠷᠭᠡᠵᠢᠯ ᠤᠨ ᠭᠢᠴᠢᠶᠠᠯ ᠪᠣᠯᠭᠠᠵᠤ᠂ ᠨᠠᠷ᠎ᠠ ᠳᠤᠮᠢᠶᠠᠨ ᠤ ᠠᠵᠢᠯ ᠢ ᠣᠶᠤᠳᠠᠤᠨ ᠡᠴᠡ ᠭᠠᠷᠳᠠᠵᠤ ᠴᠢᠩᠭ᠋ᠠᠤᠠᠬᠠᠬᠤ ᠭᠡᠷᠡᠭ᠍ᠳᠡᠢ

⑥ ᠨᠠᠷ᠎ᠠ ᠳᠤᠮᠢᠶᠠᠨ ᠤ ᠪᠣᠳᠠᠳᠤ ᠠᠵᠢᠯ ᠳᠠᠭᠠᠨ ᠨᠠᠷ᠎ᠠ ᠳᠤᠮᠢᠶᠠᠨ ᠤ ᠰᠤᠳᠤᠯᠤᠯ ᠤᠨ ᠣᠨᠤᠯ ᠶᠢᠡᠷ ᠵᠢᠯᠤᠭᠤᠳᠤᠯᠭ᠎ᠠ ᠪᠣᠯᠭᠠᠬᠤ ᠭᠡᠷᠡᠭ᠍ᠳᠡᠢ᠃

ᠡᠭᠦᠨ ᠳᠤ ᠳᠣ᠊·ᠬᠠᠰᠪᠠᠭᠠᠨ᠎ᠠ ᠶᠢᠨ ᠪᠢᠴᠢᠭ᠍ᠰᠡᠨ 《ᠨᠠᠷ᠎ᠠ ᠳᠤᠮᠢᠶᠠᠨ ᠵᠦᠢ᠌ ᠶᠢᠨ ᠯᠸᠺᠼᠢ》 ᠊ᠤᠨ ᠨᠢᠭᠡᠳᠦᠭᠡᠷ ᠨᠠᠢ᠌ᠷᠠᠭᠤᠯᠤᠯ ᠤᠨ ᠨᠢᠭᠡᠳᠦᠭᠡᠷ ᠪᠦᠯᠦᠭ᠌ ᠪᠠ ᠭᠤᠷᠪᠠᠳᠤᠭᠠᠷ ᠪᠦᠯᠦᠭ᠌ ᠲᠤ ᠨᠠᠯᠢᠶᠠᠤᠨ ᠰᠢᠰᠲ᠋ᠸᠮ ᠳᠠᠢ ᠶᠠᠷᠢᠵᠤ ᠪᠠᠢ᠌ᠬᠤ ᠣᠴᠢᠷ ᠡ᠊ᠨᠳᠡ ᠵᠥᠪᠭᠡᠨ ᠳᠡᠭᠡᠷᠡᠭᠢ ᠭᠡᠳᠤᠨ ᠵᠤᠬᠢᠶᠠᠯ ᠤᠳ ᠢ ᠦᠨᠳᠦᠰᠦᠯᠠᠨ ᠳ᠋ᠦ᠋ᠩᠨᠠᠪᠠ᠃

ᠶᠡᠷᠦᠩᠭᠡᠢ᠌ᠯᠡᠪᠠᠯ᠂ ᠮᠤᠩᠭ᠋ᠤᠯ ᠨᠠᠷ᠎ᠠ ᠳᠤᠮᠢᠶᠠᠨ ᠤ ᠠᠯᠢ ᠣᠯᠠᠨ ᠠᠬᠠᠮᠠᠤᠨ ᠨᠠᠷ᠎ᠠ ᠳᠤᠮᠢᠶᠠᠴᠢᠳ ᠤᠨ ᠳᠤᠳᠤᠷ᠎ᠠ ᠮᠤᠩᠭ᠋ᠤᠯ ᠨᠠᠷ᠎ᠠ ᠳᠤᠮᠢᠶᠠᠨ ᠤ ᠣᠨᠤᠯ ᠤᠨ ᠰᠤᠳᠤᠯᠭᠠᠨ ᠨᠢ ᠴᠥᠭᠡᠨ᠂ ᠪᠣᠳᠠᠳᠠᠢ ᠪᠣᠯᠪᠠᠰᠤᠷᠠᠭᠤᠯᠬᠤ ᠵᠠᠷᠴᠢᠮ ᠪᠣᠶᠤ ᠠᠷᠭ᠎ᠠ ᠶᠢᠨ ᠳᠠᠯ᠎ᠠ ᠪᠠᠷ ᠣᠷᠤᠯᠳᠤᠭᠰᠠᠨ ᠨᠢ ᠣᠯᠠᠨ ᠪᠠᠢ᠌ᠨ᠎ᠠ᠃


ᠬᠤᠶᠠᠷ᠂ ᠮᠤᠩᠭ᠋ᠤᠯ ᠨᠠᠷ᠎ᠠ ᠳᠤᠮᠢᠶ᠎ᠠ ᠪᠣᠯᠪᠠᠰᠤᠷᠠᠭᠤᠯᠬᠤ ᠠᠵᠢᠯ ᠤᠨ ᠵᠠᠷᠴᠢᠮ ᠤᠨ ᠰᠤᠳᠤᠯᠭᠠᠨ


ᠡᠭᠦᠨ ᠳᠤ ᠭᠡᠷᠡᠭ᠍ᠴᠡᠭᠡ ᠪᠠ ᠰᠢᠭᠤᠳ ᠰᠢᠯᠤᠭᠤᠨ ᠢ ᠡᠷᠭᠢᠮᠯᠡᠵᠤ᠂ ᠠᠵᠢᠯᠯᠠᠬᠤ ᠠᠷᠭ᠎ᠠ ᠶᠢᠨ ᠨᠠᠷᠢᠨ ᠶᠠᠪᠣᠴᠠ ᠶᠢ ᠰᠤᠳᠤᠯᠬᠤ ᠦᠭᠡᠶ᠂ ᠵᠥᠪᠭᠡᠨ ᠠᠵᠢᠯ ᠤᠨ ᠳᠤᠮᠳᠠ ᠪᠠᠨ ᠮᠥᠷᠳᠡᠯᠭᠡ ᠪᠣᠯᠭᠠᠵᠤ ᠪᠣᠯᠤᠮᠠᠷ ᠵᠣᠢ᠌ᠯ᠄ ①ᠨᠠᠷᠠᠯᠠᠯᠳᠠ ᠶᠢᠨ ᠵᠠᠷᠴᠢᠮ ② ᠣᠬᠠᠭᠳᠠᠬᠤᠨ ᠪᠠ ᠮᠤᠩᠭ᠋ᠤᠯ ᠨᠠᠷ᠎ᠠ ᠳᠤᠮᠢᠶᠠᠨ ᠤ ᠳᠡᠯᠡᠭᠡᠢ ᠶᠢᠨ ᠨᠢᠭᠡᠳᠦᠯ ③ ᠨᠠᠷ᠎ᠠ ᠳᠤᠮᠢᠶᠠᠨ ᠵᠦᠢ᠌ ᠶᠢᠨ ᠥᠭᠡᠰ ᠤᠨ ᠰᠠᠩ ④ ᠨᠠᠷ᠎ᠠ ᠳᠤᠮᠢᠶ᠎ᠠ᠂ ᠨᠠᠷ᠎ᠠ ᠶᠢᠨ ᠦᠨᠳᠦᠰᠦᠨ ᠵᠠᠷᠴᠢᠮ ᠤᠨ ᠬᠤᠯᠪᠣᠭᠳᠠᠯ ⑤ ᠨᠠᠷ᠎ᠠ ᠳᠤᠮᠢᠶᠠᠨ ᠤ ᠳᠦᠭᠦᠮᠴᠢᠯᠡᠭᠦ (ᠪᠣᠶᠤ ᠳᠤᠪᠴᠢᠯᠠᠬᠤ) ᠵᠠᠷᠴᠢᠮ ᠵᠡᠷᠭᠡ ᠶᠢ ᠪᠠᠭᠳᠠᠭᠠᠨ᠎ᠠ᠃

⒈ᠡᠨᠡ ᠳᠠᠯ᠎ᠠ ᠪᠠᠷ ᠭᠢ ᠰᠤᠳᠤᠯᠤᠯ ᠳᠤ᠄ ⑴ ᠰᠤᠤᠠᠨᠠᠮ ᠤᠨ ᠪᠢᠴᠢᠭ᠍ᠰᠡᠨ 《ᠠᠷᠪᠠᠨ ᠵᠢᠯ ᠤᠨ ᠳᠤᠷᠰᠢ ᠮᠤᠩᠭ᠋ᠤᠯ ᠭᠡᠯᠡᠨ ᠤ ᠥᠭᠡᠰ ᠤᠨ ᠰᠠᠩ ᠤᠨ ᠪᠠᠶᠠᠵᠢᠵᠤ ᠭᠦᠭ᠍ᠵᠢᠭ᠍ᠰᠡᠨ ᠨᠢ》 ᠭᠡᠭᠦ ᠵᠤᠬᠢᠶᠠᠯ ⑵ ᠷᠠᠰᠢᠲᠦᠩᠷᠤᠪ ᠤᠨ 《ᠮᠤᠩᠭ᠋ᠤᠯ ᠨᠠᠷ᠎ᠠ ᠳᠤᠮᠢᠶᠠᠨ ᠤ ᠳᠤᠭᠳᠠᠯᠴᠠᠭᠠᠨ ᠤ ᠳᠤᠬᠠᠢ》 ᠭᠡᠭᠦ ᠵᠤᠬᠢᠶᠠᠯ ⑶ ᠨᠠᠮᠼᠠᠷᠠᠢ ᠶᠢᠨ 《ᠮᠤᠩᠭ᠋ᠤᠯ ᠭᠡᠯᠡᠨ ᠤ ᠰᠢᠨ᠎ᠠ ᠨᠠᠷ᠎ᠠ ᠳᠤᠮᠢᠶ᠎ᠠ ᠶᠢ ᠭᠡᠷᠭᠢᠨ ᠰᠢ᠌ᠦᠡᠪᠦᠷᠢᠯᠡᠭᠦ ᠵᠠᠷᠴᠢᠮ ᠤᠨ ᠳᠤᠬᠠᠢ》 ᠭᠡᠭᠦ ᠵᠤᠬᠢᠶᠠᠯ ⑷ᠰᠠᠢ᠌ᠰᠢᠶᠠᠯ ᠤᠨ 《〈ᠠᠭᠤᠳᠠᠯᠠᠬᠤ᠂ ᠵᠤᠬᠢᠶᠠᠬᠤ᠂ ᠵᠢᠭᠡᠯᠡᠭᠦ〉 ᠶᠡᠪᠦᠳᠡᠯ ᠭᠡᠵᠢᠶᠡᠳᠡ ᠪᠣᠷᠤᠭᠤ ᠦᠭᠡᠶ》 ᠭᠡᠭᠦ ᠵᠤᠬᠢᠶᠠᠯ ⑸ ᠪ᠊·ᠺᠦᠯᠤᠨ ᠤ 《ᠨᠠᠷ᠎ᠠ ᠳᠤᠮᠢᠶᠠᠨ ᠤ ᠳᠡᠦᠭᠡᠨ ᠡᠴᠡ ᠥᠭᠦᠯᠡᠭᠦ ᠨᠢ》 ᠭᠡᠭᠦ ᠵᠤᠬᠢᠶᠠᠯ ⑹ ᠪ᠊·ᠰᠠᠴᠠᠠᠪᠠᠭᠠᠳᠤᠷ ᠤᠨ 《ᠮᠤᠩᠭ᠋ᠤᠯ ᠭᠡᠯᠡᠨ ᠤ ᠰᠢᠨ᠎ᠠ ᠥᠭᠡ ᠨᠠᠷ᠎ᠠ ᠳᠤᠮᠢᠶ᠎ᠠ ᠶᠢ ᠳᠦᠷᠢᠮᠵᠢᠭᠦᠯᠭᠦ ᠳᠤᠬᠠᠢ ᠵᠠᠷᠢᠮ ᠠᠰᠠᠭᠤᠳᠠᠯ》 ᠭᠡᠭᠦ ᠵᠤᠬᠢᠶᠠᠯ ⑺ ᠢ᠊·ᠵᠢᠷᠡᠡᠨᠢᠭᠡ ᠶᠢᠨ 《ᠮᠤᠩᠭ᠋ᠤᠯ ᠭᠡᠯᠡᠨ ᠤ ᠨᠠᠷ᠎ᠠ ᠳᠤᠮᠢᠶᠠᠨ ᠳᠤ ᠬᠤᠯᠪᠣᠭᠳᠠᠬᠤ ᠵᠠᠷᠢᠮ ᠠᠰᠠᠭᠤᠳᠠᠯ ᠤᠨ ᠳᠤᠬᠠᠢ》 ᠭᠡᠭᠦ ᠵᠤᠬᠢᠶᠠᠯ ⑻ ᠮᠠᠩ·ᠮᠦᠷᠠᠨ ᠤ 《ᠮᠤᠩᠭ᠋ᠤᠯ ᠭᠡᠯᠡᠨ ᠤ ᠬᠠᠷᠢ ᠭᠠᠷᠤᠯ ᠲᠡᠶ ᠥᠭᠡᠨ ᠤ ᠭᠦᠷᠢᠶ᠎ᠡ ᠭᠡᠪᠴᠢᠶᠡᠨ ᠤ ᠳᠤᠬᠠᠢ》 ᠭᠡᠭᠦ ᠵᠤᠬᠢᠶᠠᠯ ⑼ ᠬᠤᠤᠰᠪᠠᠶᠠᠷ ᠤᠨ 《ᠣᠷᠤᠭᠤᠯ ᠥᠭᠡ ᠶᠢᠨ ᠳᠤᠬᠠᠢ》 ᠭᠡᠭᠦ ᠵᠤᠬᠢᠶᠠᠯ ⑽ ᠪᠠᠳᠤ ᠶᠢᠨ 《ᠨᠠᠷ᠎ᠠ ᠳᠤᠮᠢᠶᠠᠨ ᠵᠦᠢ ᠵᠢᠴᠢ ᠨᠠᠷ᠎ᠠ ᠳᠤᠮᠢᠶᠠᠨ ᠤ ᠠᠵᠢᠯ ᠤᠨ ᠳᠤᠬᠠᠢ ᠳᠤᠪᠴᠢ ᠥᠭᠦᠯᠡᠭᠦ ᠨᠢ》 ᠭᠡᠭᠦ ᠵᠤᠬᠢᠶᠠᠯ ⑾ ᠳᠣ᠊·ᠬᠠᠰᠪᠠᠭᠠᠨ᠎ᠠ ᠶᠢᠨ 《ᠭᠤᠷᠪᠠᠨ ᠴᠢᠨᠠᠷ ᠤᠨ ᠨᠢᠭᠡᠳᠦᠯ ᠨᠢ ᠨᠠᠷᠠᠯᠠᠯᠳᠠ ᠶᠢᠨ ᠵᠠᠷᠴᠢᠮ ᠪᠣᠯᠬᠤ ᠦᠦ︖》 ᠭᠡᠭᠦ ᠵᠤᠬᠢᠶᠠᠯ ⑿ᠡᠷᠭᠡᠳᠤ ᠶᠢᠨ 《ᠪᠠᠢ᠌ᠭᠠᠯᠢ ᠶᠢᠨ ᠰᠢᠡᠵᠢᠯᠡᠭᠦ ᠣᠬᠠᠭᠠᠨ ᠤ ᠨᠠᠷ᠎ᠠ ᠳᠤᠮᠢᠶᠠᠨ ᠤ ᠵᠠᠷᠢᠮ ᠠᠰᠠᠭᠤᠳᠠᠯ》 ᠭᠡᠭᠦ ᠵᠤᠬᠢᠶᠠᠯ ⒀ ᠪᠣᠷᠵᠢᠭᠢᠨ·ᠸᠠᠩᠴᠤᠭ ᠤᠨ 《ᠮᠤᠩᠭ᠋ᠤᠯ ᠭᠡᠯᠡᠨ ᠤ ᠥᠭᠡᠰ ᠤᠨ ᠰᠠᠩ ᠢ ᠪᠠᠶᠠᠯᠢᠭᠵᠢᠭᠤᠯᠬᠤ ᠴᠢᠬᠤᠯᠠ ᠨᠢᠭᠡᠨ ᠰᠤᠷᠪᠣᠯᠵᠢ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠹᠢᠼᠢᠺ ᠤᠨ ᠨᠠᠷ᠎ᠠ ᠳᠤᠮᠢᠶᠠᠨ ᠤ ᠳᠤᠬᠠᠢ ᠥᠭᠦᠯᠡᠭᠦ ᠨᠢ》 ᠭᠡᠭᠦ ᠵᠤᠬᠢᠶᠠᠯ ⒁ ᠬᠤᠤᠰᠪᠠᠶᠠᠷ ᠤᠨ 《ᠹᠢᠼᠢᠺ ᠤᠨ ᠨᠠᠷ᠎ᠠ ᠳᠤᠮᠢᠶᠠᠨ ᠤ ᠳᠤᠬᠠᠢ ᠳᠦᠭᠦᠮ ᠥᠭᠦᠯᠡᠭᠦ ᠨᠢ》 ᠭᠡᠭᠦ ᠵᠤᠬᠢᠶᠠᠯ ⒂ ᠳᠣ᠊·ᠬᠠᠰᠪᠠᠭᠠᠨ᠎ᠠ ᠶᠢᠨ 《ᠨᠠᠷ᠎ᠠ ᠳᠤᠮᠢᠶ᠎ᠠ ᠶᠢ ᠣᠷᠴᠢᠭᠤᠯᠬᠤ ᠭᠡᠳᠡᠭ᠌ ᠦᠵᠡᠯᠳᠠ ᠳᠠᠭᠠᠷᠠᠬᠤ ᠦᠭᠡᠶ》 ᠭᠡᠭᠦ ᠵᠤᠬᠢᠶᠠᠯ ⒃ ᠵᠢᠮᠢᠶᠠᠨ (吉木彦) ᠊ᠤ 《审定蒙古语术语的一般原则》 ᠭᠡᠭᠦ ᠵᠤᠬᠢᠶᠠᠯ ⒄ ᠳ᠋ᠤᠩᠷᠤᠪ (东日布) ᠊ᠤᠨ 《蒙古语术语学与语言学》 ᠭᠡᠭᠦ ᠵᠡᠷᠭᠡ ᠠᠷᠪᠠᠨ ᠳᠤᠯᠤᠭᠠᠨ ᠵᠤᠬᠢᠶᠠᠯ ᠢ ᠪᠠᠭᠳᠠᠭᠠᠵᠤ ᠪᠠᠢ᠌ᠨ᠎ᠠ᠃ ᠡᠭᠦᠨ ᠡᠴᠡ ᠭᠠᠳᠠᠨ᠎ᠠ᠂ ᠬᠤᠤᠰᠪᠠᠶᠠᠷ᠂ ᠳᠣ᠊·ᠬᠠᠰᠪᠠᠭᠠᠨ᠎ᠠ ᠶᠢᠨ ᠪᠢᠴᠢᠭ᠍ᠰᠡᠨ 《ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠣᠷᠤᠨ ᠤ ᠪᠠᠷᠢᠮᠵᠢᠶ᠎ᠠ》 ᠵᠢ ᠪᠠᠭᠳᠠᠭᠠᠵᠤ ᠪᠣᠯᠤᠨ᠎ᠠ᠃

⒉ᠮᠤᠩᠭ᠋ᠤᠯ ᠨᠠᠷ᠎ᠠ ᠳᠤᠮᠢᠶ᠎ᠠ ᠪᠣᠯᠪᠠᠰᠤᠷᠠᠭᠤᠯᠬᠤ ᠵᠠᠷᠴᠢᠮ᠄

⑴ ᠨᠠᠷ᠎ᠠ ᠳᠤᠮᠢᠶ᠎ᠠ ᠶᠢ ᠨᠢᠭᠡᠳᠭᠡᠨ ᠳᠤᠭᠳᠠᠭᠠᠬᠤ ᠳᠤ ᠵᠦᠪ ᠵᠠᠷᠴᠢᠮ ᠪᠠᠢ᠌ᠬᠤ ᠭᠡᠷᠡᠭ᠍ᠳᠡᠢ᠃ ᠵᠠᠷᠴᠢᠮ ᠦᠭᠡᠶ ᠪᠣᠯ ᠵᠠᠳᠠᠭᠠᠢ᠌ᠷᠠᠬᠤ ᠪᠣᠯᠤᠨ᠎ᠠ᠃

⑵ ᠭᠡᠷᠡᠭᠯᠡᠭᠡᠤᠨ ᠳᠠᠳᠤᠭᠰᠠᠨ ᠭᠠᠳᠠᠭᠠᠳᠤ ᠥᠭᠡ (ᠵᠢᠭᠡᠯᠡᠭᠡ ᠥᠭᠡ) ᠵᠢ ᠭᠦᠳᠡᠯᠭᠡᠯ ᠦᠭᠡᠶ ᠥᠯᠡᠳᠡᠭᠡᠭᠦ ᠭᠡᠷᠡᠭ᠍ᠳᠡᠢ᠃

⑶ ᠨᠡᠷᠡᠯᠡᠭᠦ ᠳᠤ ᠥᠭᠡ ᠵᠦᠢ᠌ ᠶᠢ ᠪᠠᠷᠢᠮᠳᠠᠯᠠᠬᠤ ᠭᠡᠷᠡᠭ᠍ᠳᠡᠢ᠃

⑷ ᠰᠢᠡᠵᠢᠯᠡᠭᠦ ᠣᠬᠠᠭᠠᠠᠴᠢ ᠪᠠᠷ ᠨᠡᠷᠡᠯᠡᠭᠦ ᠶᠢ ᠠᠩᠬᠠᠷᠬᠤ ᠭᠡᠷᠡᠭ᠍ᠳᠡᠢ᠃

⑸ ᠰᠢᠨ᠎ᠠ ᠨᠠᠷ᠎ᠠ ᠦᠭ‍ᠭᠦ ᠳᠤ ᠦᠨᠳᠦᠰᠦᠨ ᠳᠡᠭᠡᠨ ᠣᠷᠢᠳᠠᠪᠠᠷ 《ᠠᠭᠤᠳᠠᠯᠠᠬᠤ》᠂ ᠳᠠᠷᠠᠭ᠎ᠠ ᠨᠢ 《ᠵᠤᠬᠢᠶᠠᠬᠤ》᠂ ᠬᠠᠮᠤᠭ ᠰᠡᠭᠦᠯ ᠳᠤ 《ᠵᠢᠭᠡᠯᠡᠭᠦ》 ᠶᠢ ᠪᠠᠷᠢᠮᠳᠠᠯᠠᠬᠤ ᠭᠡᠷᠡᠭ᠍ᠳᠡᠢ᠃

⑹ ᠨᠠᠷ᠎ᠠ ᠳᠤᠮᠢᠶ᠎ᠠ ᠶᠢ ᠡᠷᠭᠡᠪᠰᠢ ᠣᠬᠤᠷ ᠠᠪᠰᠠᠷ ᠪᠠᠢ᠌ᠯᠭᠠᠬᠤ ᠶᠢ ᠡᠷᠭᠢᠮᠯᠡᠭᠦ ᠭᠡᠷᠡᠭ᠍ᠳᠡᠢ᠃

⑺ ᠨᠠᠷ᠎ᠠ ᠳᠤᠮᠢᠶ᠎ᠠ ᠶᠢ ᠣᠷᠴᠢᠭᠤᠯᠬᠤ ᠪᠢᠰᠢ ᠨᠡᠷᠡᠯᠡᠭᠦ ᠭᠡᠷᠡᠭ᠍ᠳᠡᠢ᠃

⑻ ᠨᠠᠷ᠎ᠠ ᠳᠤᠮᠢᠶ᠎ᠠ ᠶᠢ ᠠᠯᠢ ᠪᠣᠯᠬᠤ ᠪᠠᠷ ᠰᠢᠰᠲ᠋ᠸᠮᠴᠢᠯᠡᠭᠦ ᠪᠠ ᠳᠦᠷᠢᠮᠵᠢᠭᠦᠯᠭᠦ ᠪᠠᠷ ᠴᠢᠷᠮᠠᠢ᠌ᠬᠤ ᠭᠡᠷᠡᠭ᠍ᠳᠡᠢ᠃

⑼ ᠮᠤᠩᠭ᠋ᠤᠯ ᠣᠯᠤᠰ ᠤᠨ ᠨᠠᠷ᠎ᠠ ᠳᠤᠮᠢᠶ᠎ᠠ ᠲᠡᠶ ᠨᠢᠭᠡᠳᠭᠡᠭᠦ ᠪᠠᠷ ᠴᠢᠷᠮᠠᠢ᠌ᠬᠤ ᠭᠡᠷᠡᠭ᠍ᠳᠡᠢ᠃

⑽ ᠨᠠᠷ᠎ᠠ ᠳᠤᠮᠢᠶᠠᠨ ᠤ ᠨᠠᠷᠠᠯᠠᠯᠳᠠ ᠪᠠ ᠪᠠᠷᠢᠮᠵᠢᠶᠠᠯᠠᠯᠳᠠ ᠶᠢᠨ ᠵᠠᠷᠴᠢᠮ ᠢ ᠣᠨᠤᠯ ᠤᠨ ᠳᠠᠯ᠎ᠠ ᠡᠴᠡ ᠳᠤᠭᠳᠠᠭᠠᠬᠤ ᠳᠤ ᠡᠷᠭᠡᠪᠰᠢ ᠭᠡᠯᠡᠨ ᠵᠦᠢ᠌᠂ ᠳᠤᠰᠬᠠᠢ ᠮᠡᠷᠭᠡᠵᠢᠯ ᠪᠠ ᠨᠠᠷ᠎ᠠ ᠳᠤᠮᠢᠶᠠᠨ ᠵᠦᠢ᠌ ᠶᠢ ᠴᠢᠩᠭ᠋᠎ᠠ ᠪᠠᠷᠢᠮᠳᠠᠯᠠᠨ ᠳᠠᠭᠠᠬᠤ ᠭᠡᠷᠡᠭ᠍ᠳᠡᠢ᠃

⑾ ᠨᠠᠷ᠎ᠠ ᠳᠤᠮᠢᠶ᠎ᠠ ᠨᠢᠭᠡᠪᠦᠷᠢ ᠡᠷᠭᠡᠪᠰᠢ ᠰᠢᠡᠵᠢᠯᠡᠭᠦ ᠣᠬᠠᠭᠠᠨ ᠤ ᠠᠭᠤᠯᠭ᠎ᠠ ᠶᠢ ᠵᠦᠪ ᠣᠨᠤᠪᠴᠢᠳᠠᠢ ᠳᠤᠰᠬᠠᠵᠤ᠂ ᠳ᠋ᠠᠩ ᠭᠠᠭᠴᠠ ᠣᠤᠠᠬ᠎ᠠ ᠲᠡᠶ ᠪᠠᠢ᠌ᠬᠤ ᠭᠡᠷᠡᠭ᠍ᠳᠡᠢ᠃

⑿ ᠨᠠᠷ᠎ᠠ ᠶᠢ ᠨᠢ ᠰᠤᠨᠤᠰᠪᠠᠯ ᠣᠤᠠᠬ᠎ᠠ ᠶᠢ ᠨᠢ ᠪᠠᠷᠤᠭᠯᠠᠨ ᠵᠢᠱᠢᠨ ᠮᠠᠳᠠᠵᠤ ᠴᠢᠳᠠᠬᠤ ᠪᠣᠯᠭᠠᠬᠤ ᠭᠡᠷᠡᠭ᠍ᠳᠡᠢ᠃

⒀ ᠣᠩᠰᠢᠬᠤ᠂ ᠪᠢᠴᠢᠭᠦ ᠪᠠ ᠴᠡᠭᠡᠵᠢᠯᠡᠭᠦ ᠳᠤ ᠳᠦᠭᠦᠮ ᠪᠠᠢ᠌ᠬᠤ ᠭᠡᠷᠡᠭ᠍ᠳᠡᠢ᠃

⒁ᠮᠤᠩᠭ᠋ᠤᠯ ᠭᠡᠯᠡᠨ ᠤ ᠰᠢᠡᠵᠢᠯᠡᠭᠦ ᠣᠬᠠᠭᠠᠠᠴᠢ ᠥᠭᠡ ᠪᠦᠳᠦᠭᠡᠭᠦ ᠶᠤᠰᠤ ᠶᠢ ᠵᠢᠷᠤᠮᠯᠠᠨ᠂ ᠨᠠᠷ᠎ᠠ ᠳᠤᠮᠢᠶ᠎ᠠ ᠶᠢ ᠠᠯᠢ ᠪᠣᠯᠬᠤ ᠪᠠᠷ ᠠᠪᠰᠠᠷ ᠮᠥᠷᠳᠡᠭᠡᠨ ᠳᠦᠷᠢᠮᠵᠢᠭᠦᠯᠭᠦ ᠶᠢ ᠡᠷᠭᠢᠮᠯᠡᠭᠦ ᠭᠡᠷᠡᠭ᠍ᠳᠡᠢ᠃ ᠶᠡᠷᠦᠩᠭᠡᠢ ᠳᠡᠭᠡᠨ ᠡᠨᠡ ᠳᠠᠯ᠎ᠠ ᠪᠠᠷ ᠠᠩᠬᠠᠷᠤᠨ ᠰᠤᠳᠤᠯᠵᠤ ᠪᠠᠢ᠌ᠭ᠎ᠠ ᠭᠦᠮᠦᠰ ᠪᠠᠰᠠ ᠪᠠᠭ᠎ᠠ ᠪᠣᠰᠤ ᠪᠣᠢ᠃ ᠡᠨᠡ ᠨᠢ ᠨᠢᠭᠡ ᠠᠮᠵᠢᠯᠳᠠ ᠲᠡᠶ ᠳᠠᠯ᠎ᠠ ᠮᠦᠨ᠃


ᠭᠤᠷᠪᠠ᠂ ᠮᠤᠩᠭ᠋ᠤᠯ ᠨᠠᠷ᠎ᠠ ᠳᠤᠮᠢᠶ᠎ᠠ ᠪᠣᠯᠪᠠᠰᠤᠷᠠᠭᠤᠯᠬᠤ ᠠᠷᠭ᠎ᠠ ᠠᠪᠴᠠᠯ ᠤᠨ ᠰᠤᠳᠤᠯᠭᠠᠨ


ᠡᠭᠦᠨ ᠳᠤ ᠨᠠᠷᠢᠨ ᠠᠷᠭ᠎ᠠ ᠠᠪᠴᠠᠯ ᠢ ᠪᠠᠭᠳᠠᠭᠠᠨ᠎ᠠ᠄ ① ᠠᠵᠢᠯ ᠤᠨ ᠵᠢᠯᠤᠭᠤᠳᠤᠯᠭ᠎ᠠ ② ᠨᠡᠷᠡᠯᠡᠭᠦ ᠠᠷᠭ᠎ᠠ᠂ ᠪᠣᠯᠪᠠᠰᠤᠷᠠᠭᠤᠯᠬᠤ ᠠᠷᠭ᠎ᠠ ③ ᠳᠤᠯᠢ ᠨᠠᠢ᠌ᠷᠠᠭᠤᠯᠬᠤ ᠠᠷᠭ᠎ᠠ᠂ ᠨᠠᠷ᠎ᠠ ᠳᠤᠮᠢᠶᠠᠨ ᠵᠦᠢ ᠰᠤᠳᠤᠯᠬᠤ ᠠᠷᠭ᠎ᠠ ④ ᠲᠦᠷᠦᠯ ᠬᠤᠪᠢᠶᠠᠬᠤ ⑤ ᠳᠦᠷᠢᠮᠵᠢᠯ ᠵᠡᠷᠭᠡ ᠶᠢ ᠪᠠᠭᠳᠠᠭᠠᠨ᠎ᠠ᠃

⒈ᠮᠤᠩᠭ᠋ᠤᠯ ᠨᠠᠷ᠎ᠠ ᠳᠤᠮᠢᠶ᠎ᠠ ᠪᠣᠯᠪᠠᠰᠤᠷᠠᠭᠤᠯᠬᠤ ᠠᠷᠭ᠎ᠠ ᠠᠪᠴᠠᠯ ᠤᠨ ᠰᠤᠳᠤᠯᠭᠠᠨ ᠤ ᠵᠤᠬᠢᠶᠠᠯ ᠤᠳ᠄ ᠷᠢᠠᠴᠢᠠᠺᠠᠧᠨ ᠶᠢᠨ 《ᠨᠠᠷ᠎ᠠ ᠳᠤᠮᠢᠶ᠎ᠠ ᠨᠠᠢ᠌ᠳᠠ ᠳᠤᠮᠳᠠ ᠶᠢᠨ ᠭᠢ ᠪᠣᠯᠤᠭᠰᠠᠨ ᠣᠴᠢᠷ》 ᠭᠡᠭᠦ ᠵᠤᠬᠢᠶᠠᠯ᠂ ᠰᠢᠨᠡᠳᠭᠡ ᠶᠢᠨ 《ᠪᠠᠢ᠌ᠩᠭ᠋ᠤ ᠴᠢᠬᠤᠯᠠ ᠭᠡᠷᠡᠭᠯᠡᠭ᠍ᠳᠡᠭᠦ ᠨᠠᠷ᠎ᠠ ᠳᠤᠮᠢᠶ᠎ᠠ ᠶᠢ ᠳᠤᠪᠴᠢᠯᠠᠨ ᠭᠡᠷᠡᠭᠯᠡᠭᠦ ᠴᠠᠭ ᠨᠢᠭᠡᠨᠲᠡ ᠪᠣᠯᠤᠯ᠎ᠠ》 ᠭᠡᠭᠦ ᠵᠤᠬᠢᠶᠠᠯ᠂ ᠷᠢᠠᠰᠠᠢ᠌ᠮ᠎ᠠ ᠶᠢᠨ 《ᠳᠤᠯᠢ ᠪᠢᠴᠢᠭ᠌ ᠭᠢᠭᠡᠤᠨ ᠨᠠᠷ᠎ᠠ ᠳᠤᠮᠢᠶᠠᠨ ᠤ ᠳᠦᠷᠢᠮᠵᠢᠯ》 ᠭᠡᠭᠦ ᠵᠤᠬᠢᠶᠠᠯ᠂ ᠣᠢ᠌ᠷᠤᠪ ᠤᠨ 《ᠳᠤᠪᠴᠢᠯᠠᠭᠰᠠᠨ ᠪᠢᠴᠢᠯᠭᠡ ᠶᠢᠨ ᠳᠤᠬᠠᠢ》 ᠭᠡᠭᠦ ᠵᠤᠬᠢᠶᠠᠯ᠂ ᠤᠶ‍ᠦᠡᠴᠢᠮᠡᠭ᠌ ᠤᠨ 《ᠨᠠᠷ᠎ᠠ ᠳᠤᠮᠢᠶ᠎ᠠ ᠭᠢᠭᠡᠤᠨ ᠳᠠᠢ᠌ᠨ ᠢᠯᠭᠠᠯ ᠤᠨ ᠳᠠᠭᠠᠪᠣᠷᠢ》 ᠭᠡᠭᠦ ᠵᠤᠬᠢᠶᠠᠯ᠂ ᠪᠤᠶᠡᠡᠪᠢᠯᠢᠭ᠌ ᠤᠨ 《ᠨᠠᠷ᠎ᠠ ᠳᠤᠮᠢᠶᠠᠨ ᠤ ᠳᠠᠯ᠎ᠠ ᠶᠢᠨ ᠵᠠᠷᠢᠮ ᠠᠰᠠᠭᠤᠳᠠᠯ ᠤᠨ ᠳᠤᠬᠠᠢ》 ᠭᠡᠭᠦ ᠵᠤᠬᠢᠶᠠᠯ᠂ ᠠᠨ ᠵᠧᠨ ᠪᠠᠩ ᠤᠨ 《ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠮᠤᠩᠭ᠋ᠤᠯ ᠨᠠᠷ᠎ᠠ ᠳᠤᠮᠢᠶᠠᠨ ᠳ᠋ᠠᠭᠢ ᠬᠠᠷᠢᠶᠠᠯᠠᠬᠤ ᠶᠢᠨ ᠳᠠᠢ᠌ᠨ ᠢᠯᠭᠠᠯ ᠤᠨ ᠳᠤᠬᠠᠢ ᠳᠤᠷᠰᠢᠨ ᠥᠭᠦᠯᠡᠭᠦ ᠨᠢ》 ᠭᠡᠭᠦ ᠵᠤᠬᠢᠶᠠᠯ᠂ ᠳ᠋ᠠᠮᠪᠢᠠᠤᠤᠠᠼᠠᠷ ᠤᠨ 《〈ᠴᠠ〉᠂ 〈᠊ᠮᠵᠢ〉 ᠳᠠᠭᠠᠪᠣᠷᠢ ᠪᠠᠷ ᠨᠠᠷ᠎ᠠ ᠳᠤᠮᠢᠶ᠎ᠠ ᠪᠦᠳᠦᠭᠡᠭᠦ ᠳᠤᠬᠠᠢ ᠥᠭᠦᠯᠡᠭᠦ ᠨᠢ》 ᠭᠡᠭᠦ ᠵᠤᠬᠢᠶᠠᠯ᠂ ᠷᠡᠰᠢᠵᠢᠭ᠍ᠮᠡᠳ ᠤᠨ 《ᠰᠢᠡᠵᠢᠯᠡᠭᠦ ᠣᠬᠠᠭᠠᠨ ᠤ ᠨᠠᠷ᠎ᠠ ᠳᠤᠮᠢᠶ᠎ᠠ ᠳᠤᠳᠤᠷ᠎ᠠ ᠥᠷᠭᠦᠯᠵᠢ ᠭᠡᠷᠡᠭᠯᠡᠭ᠍ᠳᠡᠭᠦ ᠥᠭᠡ ᠪᠦᠳᠦᠭᠡᠭᠦ ᠳᠠᠭᠠᠪᠣᠷᠢ ᠨᠤᠭᠤᠳ ᠢ ᠳᠦᠷᠢᠮᠵᠢᠭᠦᠯᠭᠦ ᠳᠤᠬᠠᠢ ᠠᠩᠬ᠎ᠠ ᠰᠢᠠᠵᠢᠯᠠᠯ》 ᠭᠡᠭᠦ ᠵᠤᠬᠢᠶᠠᠯ᠂ ᠢ᠊·ᠴᠢᠮᠪᠠᠢ ᠶᠢᠨ 《ᠨᠠᠷ᠎ᠠ ᠳᠤᠮᠢᠶ᠎ᠠ ᠵᠤᠬᠢᠶᠠᠬᠤ ᠳᠤ ᠥᠭᠡ ᠪᠦᠳᠦᠭᠡᠭᠦ ᠣᠯᠠᠮᠵᠢᠯᠠᠯᠳᠤ ᠶᠤᠰᠤᠨ ᠢ ᠭᠡᠷᠭᠢᠨ ᠠᠰᠢᠭᠯᠠᠬᠤ ᠳᠤᠬᠠᠢ》 ᠭᠡᠭᠦ ᠵᠤᠬᠢᠶᠠᠯ᠂ ᠳᠡᠯᠭᠡᠷ ᠤᠨ 《ᠮᠤᠩᠭ᠋ᠤᠯ ᠭᠡᠯᠡᠨ ᠤ ᠰᠢᠡᠵᠢᠯᠡᠭᠦ ᠣᠬᠠᠭᠠᠨ ᠮᠡᠷᠭᠡᠵᠢᠯ ᠤᠨ ᠨᠠᠷ᠎ᠠ ᠳᠤᠮᠢᠶ᠎ᠠ ᠶᠢ ᠴᠡᠭ᠍ᠴᠡᠯᠡᠨ ᠡᠮᠭᠢᠯᠡᠭᠦ ᠳᠤᠬᠠᠢ ᠳᠤᠷᠰᠢᠨ ᠥᠭᠦᠯᠡᠭᠦ ᠨᠢ》 ᠭᠡᠭᠦ ᠵᠤᠬᠢᠶᠠᠯ᠂ ᠬᠡ᠊·ᠮᠥᠩᠭᠡ ᠶᠢᠨ 《ᠭᠦᠨ ᠣᠬᠠᠭᠠᠨ ᠤ ᠨᠠᠷ᠎ᠠ ᠳᠤᠮᠢᠶ᠎ᠠ ᠶᠢ ᠮᠤᠩᠭ᠋ᠤᠯ ᠶᠢᠡᠷ ᠨᠡᠷᠡᠯᠡᠭᠦ ᠳᠤᠬᠠᠢ》 ᠭᠡᠭᠦ ᠵᠤᠬᠢᠶᠠᠯ᠂ ᠳᠤᠭᠤᠭ᠎ᠠ ᠶᠢᠨ 《ᠳᠸᠯᠸᠢᠰ ᠤᠨ ᠭᠡᠰᠡᠭ᠌ ᠰᠢᠨ᠎ᠠ ᠨᠠᠷ᠎ᠠ ᠳᠤᠮᠢᠶᠠᠨ ᠤ ᠳᠤᠬᠠᠢ ᠮᠢᠨᠤ ᠦᠵᠡᠯᠳᠠ》 ᠭᠡᠭᠦ ᠵᠤᠬᠢᠶᠠᠯ᠂ ᠮᠥᠩᠭᠡᠳᠡᠯᠡᠢ ᠶᠢᠨ 《ᠹᠢᠼᠢᠺ ᠤᠨ ᠨᠠᠷ᠎ᠠ ᠳᠤᠮᠢᠶᠠᠨ ᠤ ᠠᠩᠭᠢᠯᠠᠯ》 ᠭᠡᠭᠦ ᠵᠤᠬᠢᠶᠠᠯ᠂ ᠣᠤᠠᠬᠤᠠᠪᠠᠶᠠᠷ ᠤᠨ 《ᠭᠢᠮᠢ ᠶᠢᠨ ᠡᠯᠧᠮᠧᠨ᠋ᠲ ᠤᠨ ᠨᠠᠷᠠᠢ᠌ᠳᠤᠯ ᠤᠨ ᠢᠷᠠᠯᠳᠠ》 ᠭᠡᠭᠦ ᠵᠤᠬᠢᠶᠠᠯ᠂ ᠠᠯᠪᠠᠵᠢᠨ ᠤ 《ᠠᠨᠠᠭᠠᠬᠤ ᠣᠬᠠᠭᠠᠨ ᠪᠠ ᠠᠮᠢᠳᠤ ᠪᠣᠳᠠᠰ ᠤᠨ ᠨᠠᠷ᠎ᠠ ᠳᠤᠮᠢᠶᠠᠨ ᠤ ᠳᠤᠬᠠᠢ》 ᠭᠡᠭᠦ ᠵᠤᠬᠢᠶᠠᠯ ᠰᠢ ᠼᠠᠢ ᠶᠦᠨ᠂ ᠬᠠᠨ ᠬᠠᠢ ᠱᠠᠨ ᠤ 《ᠧᠥᠷᠦᠫᠡ ᠠᠨᠠᠭᠠᠬᠤ ᠣᠬᠠᠭᠠᠨ ᠤ ᠨᠠᠷᠠᠰ ᠢ ᠮᠤᠩᠭ᠋ᠤᠯᠴᠢᠯᠠᠬᠤ ᠳᠤᠬᠠᠢ ᠣᠢ᠌ᠯᠠᠭᠠᠯᠳᠠ》 ᠭᠡᠭᠦ ᠵᠤᠬᠢᠶᠠᠯ᠂ ᠪᠦᠭᠡᠵᠢᠶᠠᠭ᠎ᠠ᠂ ᠨᠡᠷᠡᠡᠴᠢᠮᠡᠭ᠌ ᠤᠨ 《ᠮᠠᠯ ᠮᠠᠯᠵᠢᠯ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠡᠮ ᠡᠮᠨᠡᠯᠭᠡ ᠶᠢᠨ ᠰᠢᠡᠵᠢᠯᠡᠭᠦ ᠣᠬᠠᠭᠠᠨ ᠤ ᠨᠠᠷ᠎ᠠ ᠳᠤᠮᠢᠶᠠᠨ ᠤ ᠳᠤᠬᠠᠢ ᠣᠢ᠌ᠯᠠᠭᠠᠯᠳᠠ》 ᠭᠡᠭᠦ ᠵᠤᠬᠢᠶᠠᠯ᠂ ᠬᠤᠤᠰᠪᠠᠶᠠᠷ ᠤᠨ 《ᠣᠭᠳᠠᠪᠣᠷᠢ ᠭᠡᠷᠡᠭᠯᠡᠭᠦ ᠳᠤᠬᠠᠢ》 ᠭᠡᠭᠦ ᠵᠤᠬᠢᠶᠠᠯ᠂ ᠳᠣ᠊·ᠬᠠᠰᠪᠠᠭᠠᠨ᠎ᠠ ᠶᠢᠨ 《ᠨᠠᠷ᠎ᠠ ᠳᠤᠮᠢᠶ᠎ᠠ ᠪᠣᠯᠪᠠᠰᠤᠷᠠᠭᠤᠯᠬᠤ ᠳᠠᠭᠠᠨ ᠣᠢ᠌ᠯᠠᠳᠤ ᠨᠠᠷ᠎ᠠ ᠭᠡᠷᠡᠭᠯᠡᠭᠦ ᠦᠭᠡᠶ ᠪᠠᠢ᠌ᠪᠠᠯ ᠰᠠᠢ᠌ᠨ》 ᠭᠡᠭᠦ ᠵᠤᠬᠢᠶᠠᠯ᠂ ᠤᠶ‍ᠦᠡᠴᠢᠮᠡᠭ᠌ ᠤᠨ 《ᠨᠠᠷ᠎ᠠ ᠳᠤᠮᠢᠶ᠎ᠠ᠂ ᠰᠤᠯᠠ ᠥᠭᠡ ᠭᠢᠭᠡᠤᠨ ᠬᠤᠯᠪᠣᠭᠠᠰᠤ ᠥᠭᠡ》 ᠭᠡᠭᠦ ᠵᠤᠬᠢᠶᠠᠯ᠂ ᠳᠣ᠊·ᠬᠠᠰᠪᠠᠭᠠᠨ᠎ᠠ ᠶᠢᠨ 《ᠵᠢᠭᠡᠯᠡᠭᠡ ᠥᠭᠡ ᠶᠢ ᠳᠡᠮᠳᠡᠭᠯᠡᠭᠦ ᠳᠤᠬᠠᠢ ᠠᠳᠠᠯᠢ ᠪᠣᠰᠤ ᠰᠠᠨᠠᠯ ᠊᠊᠊᠊᠊᠊᠊᠊᠊᠊᠊᠊᠊᠊᠊ ᠊᠊᠊᠊᠊᠊᠊᠊᠊᠊᠊᠊᠊᠊᠊ ᠮᠠᠩ·ᠮᠦᠷᠠᠨ ᠨᠥᠭᠦᠷ ᠲᠡᠶ ᠵᠥᠪᠯᠡᠭᠦ ᠨᠢ》 ᠭᠡᠭᠦ ᠵᠤᠬᠢᠶᠠᠯ᠂ ᠳᠣ᠊·ᠬᠠᠰᠪᠠᠭᠠᠨ᠎ᠠ ᠶᠢᠨ 《ᠭᠢᠮᠢ ᠶᠢᠨ ᠡᠯᠧᠮᠧᠨ᠋ᠲ ᠤᠨ ᠨᠠᠷᠠᠢ᠌ᠳᠤᠯ ᠤᠨ ᠰᠢᠠᠵᠢᠯᠠᠯ》 ᠭᠡᠭᠦ ᠵᠤᠬᠢᠶᠠᠯ᠂ ᠬᠤᠤᠰᠪᠠᠶᠠᠷ ᠤᠨ 《蒙古文构词法中用前缀的问题》 ᠭᠡᠭᠦ ᠵᠤᠬᠢᠶᠠᠯ᠂ ᠶ‍ᠥᠸᠧ ᠬᠠᠢ ᠵᠧᠨ (岳海珍) ᠊ᠤ 《略谈汉、蒙术语的意译和音译问题》 ᠭᠡᠭᠦ ᠵᠤᠬᠢᠶᠠᠯ᠂ ᠵᠡᠷᠭᠡ ᠬᠤᠷᠢᠨ ᠳᠠᠪᠤᠨ ᠵᠤᠬᠢᠶᠠᠯ ᠢ ᠪᠠᠭᠳᠠᠭᠠᠨ᠎ᠠ᠃ ᠡᠭᠦᠨ ᠡᠴᠡ ᠭᠠᠳᠠᠨ᠎ᠠ ᠬᠤᠤᠰᠪᠠᠶᠠᠷ᠂ ᠳᠣ᠊·ᠬᠠᠰᠪᠠᠭᠠᠨ᠎ᠠ ᠶᠢᠨ ᠪᠢᠴᠢᠭ᠍ᠰᠡᠨ 《ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠣᠷᠤᠨ ᠤ ᠪᠠᠷᠢᠮᠵᠢᠶ᠎ᠠ》 ᠪᠠ ᠳᠣ᠊·ᠬᠠᠰᠪᠠᠭᠠᠨ᠎ᠠ ᠶᠢᠨ 《ᠨᠠᠷ᠎ᠠ ᠳᠤᠮᠢᠶᠠᠨ ᠵᠦᠢ᠌ ᠶᠢᠨ ᠯᠸᠺᠼᠢ》 ᠊ᠤᠨ ᠨᠢᠭᠡᠳᠦᠭᠡᠷ ᠨᠠᠢ᠌ᠷᠠᠭᠤᠯᠤᠯ ᠤᠨ ᠳᠦᠷᠪᠠᠳᠦᠭᠡᠷ᠂ ᠳᠤᠪᠣᠳᠤᠭᠠᠷ ᠪᠦᠯᠦᠭ᠌ ᠢ ᠪᠠᠭᠳᠠᠭᠠᠵᠤ ᠪᠣᠯᠤᠨ᠎ᠠ᠃

⒉ᠮᠤᠩᠭ᠋ᠤᠯ ᠨᠠᠷ᠎ᠠ ᠳᠤᠮᠢᠶ᠎ᠠ ᠪᠣᠯᠪᠠᠰᠤᠷᠠᠭᠤᠯᠬᠤ ᠠᠷᠭ᠎ᠠ᠄

⑴ 《ᠠᠭᠤᠳᠠᠯᠠᠬᠤ》 ᠄

① ᠶᠠᠷᠤ ᠶᠢᠨ ᠥᠭᠡᠨ ᠳᠤ ᠣᠤᠠᠬ᠎ᠠ ᠰᠢᠯᠵᠢᠭᠦᠯᠤᠨ ᠭᠡᠷᠡᠭᠯᠡᠭᠦ

② ᠡᠷᠳᠡᠨ ᠤ ᠥᠭᠡᠨ ᠳᠤ ᠰᠢᠨ᠎ᠠ ᠣᠤᠠᠬ᠎ᠠ ᠣᠷᠤᠭᠤᠯᠬᠤ ᠪᠣᠶᠤ ᠣᠭ ᠣᠤᠠᠬ᠎ᠠ ᠪᠠᠷ ᠨᠢ ᠭᠡᠷᠡᠭᠯᠡᠭᠦ

③ ᠨᠤᠳᠤᠭ ᠤᠨ ᠠᠶᠠᠯᠭᠤᠨ ᠤ ᠵᠠᠷᠢᠮ ᠥᠭᠡᠰ ᠢ ᠭᠡᠷᠡᠭᠯᠡᠭᠦ᠃

⑵ 《ᠵᠤᠬᠢᠶᠠᠬᠤ》 ᠄

① ᠥᠭᠡ ᠶᠢᠨ ᠦᠨᠳᠦᠰᠦ ᠢᠵᠠᠭᠤᠷ ᠲᠤ ᠥᠭᠡ ᠪᠦᠳᠦᠭᠡᠭᠦ ᠳᠠᠭᠠᠪᠣᠷᠢ ᠵᠠᠯᠭᠠᠵᠤ ᠣᠬᠠᠭᠳᠠᠬᠤᠨ ᠢ ᠦᠷᠭᠡᠳᠭᠡᠨ ᠰᠢᠨ᠎ᠠ ᠥᠭᠡ ᠪᠦᠳᠦᠭᠡᠭᠦ ᠠᠷᠭ᠎ᠠ

② ᠮᠤᠩᠭ᠋ᠤᠯ ᠭᠡᠯᠡᠨ ᠳᠤ ᠰᠢᠨ᠎ᠠ ᠣᠭᠳᠠᠪᠣᠷᠢ ᠣᠷᠤᠭᠤᠯᠵᠤ ᠥᠭᠡ ᠪᠦᠳᠦᠭᠡᠭᠦ ᠠᠷᠭ᠎ᠠ

③ ᠥᠭᠡ ᠬᠤᠯᠪᠣᠬᠤ ᠠᠷᠭ᠎ᠠ ᠪᠠᠷ ᠥᠭᠡ ᠪᠦᠳᠦᠭᠡᠭᠦ᠄ ᠵᠡᠷᠭᠡᠴᠡᠭ᠍ᠰᠡᠨ ᠪᠦᠳᠦᠴᠡ ᠲᠡᠶ ᠪᠠᠷ ᠬᠤᠯᠪᠣᠬᠤ᠂ ᠳᠤᠳᠤᠤᠠᠬᠠᠯ ᠳᠤᠳᠤᠤᠠᠬᠠᠭᠤᠯᠤᠭᠴᠢ ᠶᠢᠨ ᠪᠦᠳᠦᠴᠡ ᠲᠡᠶ ᠪᠠᠷ ᠬᠤᠯᠪᠣᠬᠤ᠂ ᠳᠤᠰᠤᠭᠳᠠᠬᠤᠨ ᠥᠭᠦᠯᠡᠭᠦᠨ ᠤ ᠪᠦᠳᠦᠴᠡ ᠲᠡᠶ ᠪᠠᠷ ᠬᠤᠯᠪᠣᠬᠤ

④ ᠥᠭᠡ ᠳᠤᠪᠴᠢᠯᠠᠬᠤ ᠠᠷᠭ᠎ᠠ ᠪᠠᠷ ᠥᠭᠡ ᠪᠦᠳᠦᠭᠡᠭᠦ᠄ ᠭᠠᠳᠠᠭᠠᠳᠤ ᠭᠠᠷᠤᠯ ᠲᠡᠶ ᠥᠭᠡ ᠶᠢᠨ ᠳᠠᠪᠬᠤᠷ ᠣᠷᠤᠭᠰᠠᠨ ᠭᠡᠢ᠌ᠭᠦᠯᠦᠭ᠍ᠴᠢ ᠶᠢᠨ ᠨᠢᠭᠡ ᠶᠢ ᠨᠢ ᠬᠠᠶᠠᠬᠤ᠂ ᠭᠠᠳᠠᠭᠠᠳᠤ ᠭᠠᠷᠤᠯ ᠲᠡᠶ ᠥᠭᠡ ᠶᠢᠨ ᠰᠡᠭᠦᠯ ᠢ ᠨᠢ ᠬᠤᠷᠢᠶᠠᠵᠤ ᠪᠢᠴᠢᠭᠦ᠂ ᠭᠠᠳᠠᠭᠠᠳᠤ ᠭᠠᠷᠤᠯ ᠲᠡᠶ ᠥᠭᠡ ᠶᠢᠨ ᠳᠡᠭᠡᠷ᠎ᠡ ᠡᠴᠡ ᠨᠢ ᠬᠤᠶᠠᠷ ᠭᠤᠷᠪᠠᠨ ᠦᠶ᠎ᠡ ᠠᠪᠣᠭᠠᠤᠨ ᠵᠤᠭᠰᠤᠬᠤ᠂ ᠬᠤᠶᠠᠷ ᠭᠤᠷᠪᠠᠨ ᠥᠭᠡ ᠪᠠᠷ ᠪᠦᠳᠦᠭ᠍ᠰᠡᠨ ᠨᠠᠷ᠎ᠠ ᠥᠭᠡ ᠶᠢᠨ ᠳᠦᠷᠦᠭᠦᠤ ᠨᠢᠭᠡ ᠦᠶ᠎ᠡ ᠶᠢ ᠨᠢ ᠠᠪᠴᠤ ᠬᠤᠯᠪᠤᠨ ᠪᠢᠴᠢᠭᠦ᠂ ᠬᠤᠶᠠᠷ ᠥᠭᠡ ᠪᠠᠷ ᠪᠦᠳᠦᠭ᠍ᠰᠡᠨ ᠨᠠᠷ᠎ᠠ ᠥᠭᠡ ᠶᠢᠨ ᠳᠤᠯᠤᠭᠠᠢ ᠰᠡᠭᠦᠯ ᠡᠴᠡ ᠨᠢ ᠳᠤᠰ ᠳᠤᠰ ᠡᠳᠦᠢ ᠳᠠᠳᠤᠢ ᠦᠶ᠎ᠡ ᠠᠪᠴᠤ ᠬᠤᠯᠪᠤᠨ ᠪᠢᠴᠢᠭᠦ᠂ ᠳᠤᠯᠤᠭᠠᠢ ᠰᠡᠭᠦᠯ ᠡᠴᠡ ᠨᠢ ᠳᠤᠰ ᠳᠤᠰ ᠨᠢᠭᠡ ᠦᠶ᠎ᠡ ᠠᠪᠴᠤ ᠬᠤᠯᠪᠤᠨ ᠪᠢᠴᠢᠭᠦ᠂ ᠮᠤᠩᠭ᠋ᠤᠯ ᠥᠭᠡ ᠶᠢᠨ ᠦᠶ᠎ᠡ ᠵᠤᠭᠢᠴᠠᠬᠤ ᠶᠤᠰᠤ ᠳᠠᠭᠠᠤ ᠠᠶᠠᠠᠳᠠᠭᠠᠨ ᠳᠤᠪᠴᠢᠯᠠᠭᠳᠠᠬᠤ ᠬᠤᠶᠠᠷ ᠥᠭᠡ ᠪᠠᠷ ᠪᠦᠳᠦᠭ᠍ᠰᠡᠨ ᠨᠠᠷ᠎ᠠ ᠥᠭᠡ ᠶᠢ ᠳᠤᠪᠴᠢᠯᠠᠨ ᠪᠢᠴᠢᠭᠦ᠂ ᠥᠰᠦᠭ᠌ ᠬᠤᠷᠮᠤᠢ ᠶᠢᠨ ᠬᠠᠳᠠᠯᠳᠠ ᠶᠢᠨ ᠳᠦᠷᠦᠭᠦᠴᠢ ᠶᠢᠨ ᠥᠰᠦᠭ᠌ ᠶᠢᠡᠷ ᠨᠢ ᠣᠷᠤᠯᠠᠭᠤᠯᠵᠤ ᠪᠢᠴᠢᠭᠦ᠂ ᠬᠤᠶᠠᠷ ᠥᠭᠡ ᠪᠠᠷ ᠪᠦᠳᠦᠭ᠍ᠰᠡᠨ ᠨᠠᠷ᠎ᠠ ᠥᠭᠡ ᠶᠢᠨ ᠳᠤᠮᠳᠠᠭᠢ ᠬᠠᠷᠢᠶᠠᠯᠠᠬᠤ ᠶᠢᠨ ᠳᠠᠢ᠌ᠨ ᠢᠯᠭᠠᠯ ᠢ ᠣᠷᠭᠢᠬᠤ᠂ ᠬᠤᠶᠠᠷ ᠥᠭᠡ ᠪᠠᠷ ᠪᠦᠳᠦᠭ᠍ᠰᠡᠨ ᠨᠠᠷ᠎ᠠ ᠥᠭᠡ ᠶᠢ ᠨᠡᠢ᠌ᠯᠡᠭᠦᠯᠤᠨ ᠪᠢᠴᠢᠵᠤ ᠳᠤᠮᠳᠠᠭᠢ ᠵᠠᠢ ᠶᠢ ᠨᠢ ᠠᠷᠪᠢᠯᠠᠬᠤ ᠪᠦᠭᠡᠤᠨ ᠣᠤᠠᠬ᠎ᠠ ᠶᠢ ᠨᠢ ᠨᠠᠩ ᠳᠤᠳᠤᠷᠬᠠᠢ ᠪᠣᠯᠭᠠᠬᠤ᠂ ᠬᠤᠶᠠᠷ ᠥᠭᠡ ᠪᠠᠷ ᠪᠦᠳᠦᠭ᠍ᠰᠡᠨ ᠨᠠᠷ᠎ᠠ ᠥᠭᠡ ᠶᠢᠨ ᠨᠢᠭᠡ ᠶᠢ ᠨᠢ ᠳᠤᠪᠴᠢᠯᠠᠵᠤ ᠨᠥᠭᠦᠭᠡ ᠲᠡᠶ ᠨᠢ ᠬᠤᠯᠪᠤᠨ ᠪᠢᠴᠢᠭᠦ᠂ ᠭᠠᠳᠠᠭᠠᠳᠤ ᠥᠰᠦᠭ᠌ ᠶᠢᠡᠷ ᠳᠤᠪᠴᠢᠯᠠᠭᠳᠠᠨ ᠪᠢᠴᠢᠭ᠍ᠳᠡᠳᠡᠭ᠌ ᠨᠠᠷ᠎ᠠ ᠥᠭᠡ ᠶᠢ ᠳᠠᠷᠠ ᠶᠤᠰᠤᠭᠠᠷ ᠨᠢ ᠳᠡᠮᠳᠡᠭᠯᠡᠭᠦ᠂ ᠳᠤᠯᠤᠭᠠᠢ ᠳᠤᠭ᠎ᠠ ᠪᠠᠷ ᠳᠤᠪᠴᠢᠯᠠᠬᠤ ᠭᠦᠮᠤᠨ ᠤ ᠨᠠᠷ᠎ᠠ᠂ ᠭᠠᠵᠠᠷ ᠤᠨ ᠨᠠᠷ᠎ᠠ ᠶᠢ ᠪᠣᠯ ᠳᠠᠭᠤᠳᠠᠯᠭ᠎ᠠ ᠶᠢ ᠨᠢ ᠦᠨᠳᠦᠰᠦᠯᠠᠨ ᠨᠠᠯᠢᠶᠠᠤᠨ ᠭᠢᠯᠪᠠᠷᠴᠢᠯᠠᠨ ᠪᠢᠴᠢᠭᠦ

⑤ ᠬᠠᠷᠢ ᠭᠡᠯᠡᠨ ᠤ ᠨᠠᠷᠠᠰ ᠢ ᠣᠤᠠᠬᠠᠴᠢᠯᠠᠨ ᠣᠷᠴᠢᠭᠤᠯᠵᠤ ᠥᠭᠡ ᠪᠦᠳᠦᠭᠡᠭᠦ (ᠲᠦᠷ ᠵᠠᠭᠤᠷ᠎ᠠ ᠭᠡᠷᠡᠭᠯᠡᠭᠦ)᠃

⑶ 《ᠵᠢᠭᠡᠯᠡᠭᠦ》 ᠄ ᠪᠢᠳᠠ ᠬᠠᠷᠢ ᠭᠡᠯᠡᠨ ᠡᠴᠡ ᠨᠠᠷ᠎ᠠ ᠳᠤᠮᠢᠶ᠎ᠠ ᠵᠢᠭᠡᠯᠡᠭᠦ ᠳᠤ ᠵᠥᠪᠭᠡᠨ ᠳᠡᠳᠡᠭᠡᠷ ᠮᠤᠩᠭ᠋ᠤᠯ ᠭᠡᠯᠡᠨ ᠳᠤ ᠳᠠᠷᠣᠢ᠌ᠬᠠᠨ ᠢᠯᠡᠳᠭᠡᠭᠦ ᠳᠤ ᠡᠪ ᠮᠠᠭᠤᠳᠠᠢ᠂ ᠴᠠᠭ ᠤᠨ ᠬᠠᠷᠠᠭ᠎ᠠ ᠡᠴᠡ ᠪᠣᠯᠵᠤ ᠯᠠᠪᠳᠠᠭᠤᠨ ᠪᠣᠯᠪᠠᠰᠤᠷᠠᠭᠤᠯᠬᠤ ᠪᠣᠯᠤᠮᠵᠢ ᠦᠭᠡᠶ ᠶᠠᠭᠤᠮ᠎ᠠ᠂ ᠥᠵᠡᠭ᠍ᠳᠡᠯ ᠤᠨ ᠨᠠᠷ᠎ᠠ ᠶᠢ ᠵᠢᠭᠡᠯᠡᠭᠦ ᠭᠡᠷᠡᠭ᠍ᠳᠡᠢ᠃

① ᠠᠬ᠎ᠠ ᠳᠡᠭᠦᠤ ᠦᠨᠳᠦᠰᠦᠳᠠᠨ ᠤ ᠭᠦᠮᠤᠨ ᠤ ᠨᠠᠷ᠎ᠠ᠂ ᠭᠠᠵᠠᠷ ᠤᠨ ᠨᠠᠷ᠎ᠠ ᠪᠠ ᠭᠠᠳᠠᠭᠠᠳᠤ ᠣᠯᠤᠰ ᠤᠨ ᠨᠠᠷ᠎ᠠ ᠶᠢ ᠣᠭ ᠳᠠᠭᠤᠳᠠᠯᠭ᠎ᠠ ᠶᠢ ᠨᠢ ᠳᠠᠭᠠᠭᠤᠯᠵᠤ ᠠᠪᠬᠤ ᠭᠡᠷᠡᠭ᠍ᠳᠡᠢ

② ᠣᠯᠠᠨ ᠣᠯᠤᠰ ᠤᠨ ᠴᠢᠨᠠᠷᠳᠠᠢ ᠨᠠᠷ᠎ᠠ ᠳᠤᠮᠢᠶ᠎ᠠ ᠶᠢ ᠵᠢᠭᠡᠯᠡᠨ ᠭᠡᠷᠡᠭᠯᠡᠭᠦ

③ ᠳᠡᠭᠡᠷᠡᠭᠢ 《ᠠᠭᠤᠳᠠᠯᠠᠬᠤ》 ᠪᠠ 《ᠵᠤᠬᠢᠶᠠᠬᠤ》 ᠠᠷᠭ᠎ᠠ ᠪᠠᠷ ᠪᠦᠳᠦᠭᠡᠵᠤ ᠳᠡᠢ᠌ᠯᠭᠦ ᠦᠭᠡᠶ ᠨᠠᠷ᠎ᠠ ᠶᠢ ᠣᠯᠠᠨ ᠣᠯᠤᠰ ᠤᠨ ᠴᠢᠨᠠᠷᠳᠠᠢ ᠪᠢᠰᠢ ᠨᠠᠷ᠎ᠠ ᠳᠤᠮᠢᠶ᠎ᠠ ᠶᠢ ᠴᠤ ᠵᠢᠭᠡᠯᠡᠨ ᠭᠡᠷᠡᠭᠯᠡᠵᠤ ᠪᠣᠯᠤᠨ᠎ᠠ᠃

ᠡᠭᠦᠨ ᠳᠤ ᠠᠩᠬᠠᠷᠬᠤ ᠨᠢ᠄

① ᠵᠢᠭᠡᠯᠡᠭᠡ ᠥᠭᠡᠨ ᠤ ᠵᠠᠷᠢᠮ ᠠᠪᠢᠶ᠎ᠠ ᠨᠢ ᠮᠤᠩᠭ᠋ᠤᠯ ᠭᠡᠯᠡᠨ ᠤ ᠠᠪᠢᠶᠠᠨ ᠳᠤ ᠪᠠᠢ᠌ᠳᠠᠭ ᠦᠭᠡᠶ ᠪᠣᠶᠤ ᠵᠤᠭᠢᠰ ᠦᠭᠡᠶ ᠪᠣᠯ ᠦᠪᠡᠷ ᠤᠨ ᠠᠪᠢᠶ᠎ᠠ ᠲᠡᠶ ᠪᠠᠨ ᠵᠤᠭᠢᠴᠠᠭᠤᠯᠤᠨ ᠭᠡᠷᠡᠭᠯᠡᠭᠦ

② ᠵᠢᠭᠡᠯᠡᠭᠡ ᠥᠭᠡᠨ ᠤ ᠬᠤᠤᠰ ᠡᠭᠡᠰᠢᠭ᠌ ᠢ ᠮᠤᠩᠭ᠋ᠤᠯ ᠭᠡᠯᠡᠨ ᠤ ᠣᠷᠳᠤ ᠡᠭᠡᠰᠢᠭ᠌ ᠶᠢᠡᠷ ᠰᠤᠯᠢᠵᠤ ᠭᠡᠷᠡᠭᠯᠡᠭᠦ

③ ᠦᠪᠡᠷ ᠤᠨ ᠭᠡᠯᠡᠨ ᠤ ᠵᠢᠮ᠎ᠠ ᠬᠠᠤᠯᠢ ᠪᠠᠷ ᠵᠠᠷᠢᠮ ᠠᠪᠢᠶ᠎ᠠ ᠶᠢ ᠣᠷᠭᠢᠵᠤ᠂ ᠵᠠᠷᠢᠮ ᠠᠪᠢᠶ᠎ᠠ ᠶᠢ ᠨᠠᠮᠠᠵᠤ ᠠᠪᠬᠤ

④ ᠮᠤᠩᠭ᠋ᠤᠯ ᠭᠡᠯᠡᠨ ᠤ ᠡᠭᠡᠰᠢᠭ᠌ ᠵᠤᠭᠢᠴᠠᠬᠤ᠂ ᠠᠪᠢᠶ᠎ᠠ ᠢᠵᠢᠯᠰᠢᠭᠦ᠂ ᠠᠪᠢᠶ᠎ᠠ ᠰᠤᠯᠢᠭᠳᠠᠬᠤ ᠵᠡᠷᠭᠡ ᠵᠢᠮ᠎ᠠ ᠶᠤᠰᠤ ᠶᠢ ᠭᠡᠷᠡᠭᠯᠡᠭᠦ

⑤ ᠳᠤᠪᠴᠢᠯᠠᠭᠰᠠᠨ ᠪᠢᠴᠢᠯᠭᠡ ᠪᠠᠨ ᠶᠠᠮᠠᠷ ᠨᠢᠭᠡᠨ ᠳᠤᠭᠳᠠᠭᠰᠠᠨ ᠭᠡᠯᠪᠠᠷᠢ ᠲᠡᠶ ᠪᠠᠷ ᠪᠢᠴᠢᠭᠦ

⑥ ᠥᠯᠡᠳᠡᠭᠡᠵᠤ ᠠᠪᠣᠭᠰᠠᠨ ᠥᠰᠦᠭ᠌ ᠤᠳ ᠪᠣᠶᠤ ᠥᠭᠡ ᠨᠤᠭᠦᠳ ᠨᠢ ᠬᠤᠯᠪᠤᠨ ᠪᠢᠴᠢᠭ᠍ᠰᠡᠨ ᠦᠶᠡᠰ ᠭᠡᠵᠢᠶᠡᠳᠡ ᠣᠤᠯ ᠭᠡᠯᠡᠨ ᠤ ᠪᠠᠨ ᠪᠠᠶ᠎ᠠ ᠪᠠᠨ ᠳᠠᠭᠠᠭᠠᠭᠰᠠᠨ ᠨᠢᠭᠡ ᠥᠭᠡ ᠮᠠᠳᠤ ᠪᠣᠯᠬᠤ

⑦ ᠣᠭ ᠡᠴᠡ ᠪᠠᠢ᠌ᠭᠰᠠᠨ ᠥᠭᠡᠰ ᠪᠠ ᠰᠢᠨ᠎ᠠ ᠪᠠᠷ ᠪᠣᠢ ᠪᠣᠯᠤᠭᠰᠠᠨ ᠳᠤᠪᠴᠢ ᠥᠭᠡ ᠨᠤᠭᠦᠳ ᠲᠡᠶ ᠠᠳᠠᠯᠢ ᠪᠣᠰᠤ ᠪᠠᠢ᠌ᠬᠤ᠂ ᠨᠠᠭᠠᠳᠤ ᠵᠠᠬ᠎ᠠ ᠳᠤ ᠨᠢ ᠳᠡᠳᠡᠭᠡᠷ ᠲᠡᠶ ᠬᠠᠮᠳᠤ ᠭᠡᠷᠡᠭᠯᠡᠭ᠍ᠳᠡᠭᠦ ᠦᠭᠡᠶ ᠪᠣᠶᠤ ᠳᠡᠭᠡᠷ᠎ᠡ ᠳᠤᠤᠷᠠᠭᠢ ᠥᠭᠡ ᠪᠠᠷ ᠶᠢᠡᠨ ᠠᠮᠠᠷᠬᠠᠨ ᠢᠯᠭᠠᠭᠳᠠᠬᠤ ᠪᠣᠯᠭᠠᠬᠤ᠃ ᠡᠨᠡᠭᠦ ᠳᠠᠯ᠎ᠠ ᠶᠢᠨ ᠰᠤᠳᠤᠯᠭᠠᠨ ᠨᠠᠯᠢᠶᠠᠤᠨ ᠣᠯᠠᠨ ᠪᠣᠢ᠃


ᠳᠦᠷᠪᠡ᠂ ᠮᠤᠩᠭ᠋ᠤᠯ ᠨᠠᠷ᠎ᠠ ᠳᠤᠮᠢᠶᠠᠨ ᠤ ᠪᠣᠳᠠᠳᠤ ᠪᠢᠴᠢᠭ᠌ ᠮᠠᠲ᠋ᠸᠷᠢᠶᠠᠯ ᠵᠢᠴᠢ ᠠᠭᠤᠯᠭ᠎ᠠ


ᠡᠭᠦᠨ ᠳᠤ᠄ ① ᠣᠷᠤᠨ ᠤ ᠪᠠᠷᠢᠮᠵᠢᠶ᠎ᠠ ② ᠳᠤᠰᠬᠠᠢ ᠮᠡᠷᠭᠡᠵᠢᠯ ᠤᠨ ᠨᠤᠮ ᠪᠢᠴᠢᠭ᠌ ᠪᠠ ᠰᠤᠨᠢᠨ ᠰᠡᠳᠭᠦᠯ᠂ ᠡᠷᠳᠡᠮ ᠰᠢᠡᠵᠢᠯᠡᠭᠡᠨ ᠤ ᠬᠤᠷᠠᠯ ᠤᠨ ᠳᠡᠭᠦᠪᠦᠷᠢ᠂ ᠰᠤᠳᠤᠯᠭᠠᠨ ᠤ ᠬᠠᠷᠢᠭᠤ ᠮᠡᠳᠡᠭᠦᠯᠦᠯᠳᠡ ③ ᠳᠤᠯᠢ ᠪᠢᠴᠢᠭ᠌ ④ ᠨᠠᠷ᠎ᠠ ᠳᠤᠮᠢᠶᠠᠨ ᠤ ᠭᠦᠮᠦᠷᠭᠡ ᠪᠣᠶᠤ ᠺᠠᠷᠲ᠋᠃

⒈ᠮᠤᠩᠭ᠋ᠤᠯ ᠨᠠᠷ᠎ᠠ ᠳᠤᠮᠢᠶᠠᠨ ᠤ ᠪᠣᠳᠠᠳᠤ ᠪᠢᠴᠢᠭ᠌ ᠮᠠᠲ᠋ᠸᠷᠢᠶᠠᠯ ᠤᠳ

⑴ᠲ᠋ᠤᠯᠢ ᠪᠢᠴᠢᠭ᠌᠄ 《ᠭᠢᠳᠠᠤᠨ ᠮᠤᠩᠭ᠋ᠤᠯ ᠬᠠᠷᠢᠴᠠᠭᠤᠯᠤᠭᠰᠠᠨ ᠨᠠᠷ᠎ᠠ ᠳᠤᠮᠢᠶᠠᠨ ᠤ ᠲᠦᠷᠦᠯ ᠬᠤᠪᠢᠶᠠᠭᠰᠠᠨ ᠳᠤᠯᠢ》 ᠵᠡᠷᠭᠡ ᠨᠠᠯᠢᠶᠠᠤᠨ ᠣᠯᠠᠨ ᠪᠣᠢ᠃

⑵ᠥᠭᠦᠯᠡᠯ ᠤᠨ ᠳᠡᠭᠦᠪᠦᠷᠢ᠄ 《ᠮᠤᠩᠭ᠋ᠤᠯ ᠨᠠᠷ᠎ᠠ ᠳᠤᠮᠢᠶᠠᠨ ᠤ ᠥᠭᠦᠯᠡᠯ ᠤᠳ》᠂ 《ᠨᠠᠷ᠎ᠠ ᠳᠤᠮᠢᠶᠠᠨ ᠤ ᠥᠭᠦᠯᠡᠯ》 (ᠲ᠋ᠤᠳᠤᠭᠠᠳᠤ ᠮᠠᠲ᠋ᠸᠷᠢᠶᠠᠯ)᠂ 《ᠨᠠᠷ᠎ᠠ ᠳᠤᠮᠢᠶᠠᠨ ᠤ ᠰᠤᠳᠤᠯᠤᠯ ᠭᠢᠭᠡᠤᠨ ᠮᠠᠲ᠋ᠸᠷᠢᠶᠠᠯ》 (ᠲ᠋ᠤᠳᠤᠭᠠᠳᠤ ᠮᠠᠲ᠋ᠸᠷᠢᠶᠠᠯ) ᠵᠡᠷᠭᠡ ᠪᠣᠢ᠃

⑶ᠰᠡᠳᠭᠦᠯ᠄ ᠦᠪᠣᠷ ᠮᠤᠩᠭ᠋ᠤᠯ ᠤᠨ ᠡᠳᠦᠷ ᠤᠨ ᠰᠤᠨᠢᠨ᠂ ᠦᠪᠣᠷ ᠮᠤᠩᠭ᠋ᠤᠯ ᠤᠨ ᠡᠷᠳᠡᠮ ᠰᠢᠡᠵᠢᠯᠡᠭᠡᠨ ᠤ ᠰᠡᠳᠭᠦᠯ᠂ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠡᠷᠳᠡᠮ ᠰᠢᠡᠵᠢᠯᠡᠭᠡᠨ ᠤ ᠰᠡᠳᠭᠦᠯ᠂ 《ᠮᠤᠩᠭ᠋ᠤᠯ ᠭᠡᠯᠡ ᠪᠢᠴᠢᠭ᠌》 ᠰᠡᠳᠭᠦᠯ ᠵᠡᠷᠭᠡ ᠪᠣᠢ᠃

⑷ᠨᠠᠷ᠎ᠠ ᠳᠤᠮᠢᠶᠠᠨ ᠤ ᠭᠦᠮᠦᠷᠭᠡ᠄ ᠹᠢᠼᠢᠺ ᠤᠨ ᠨᠠᠷ᠎ᠠ ᠳᠤᠮᠢᠶ᠎ᠠ ᠶᠢ ᠺᠤᠮᠫᠢᠦ᠋ᠲ᠋ᠧᠷ ᠲᠤ ᠣᠷᠤᠭᠤᠯᠤᠭᠰᠠᠨ᠃

⒉ᠮᠠᠨ ᠤ ᠣᠷᠤᠨ ᠤ ᠮᠤᠩᠭ᠋ᠤᠯ ᠨᠠᠷ᠎ᠠ ᠳᠤᠮᠢᠶᠠᠨ ᠤ ᠪᠣᠳᠠᠳᠤ ᠪᠢᠴᠢᠭ᠌ ᠮᠠᠲ᠋ᠸᠷᠢᠶᠠᠯ ᠤᠨ ᠳᠤᠬᠠᠢ ᠠᠵᠢᠯ ᠪᠣᠳᠠᠳᠤ ᠠᠵᠢᠯ ᠤᠨ ᠳᠠᠯ᠎ᠠ ᠪᠠᠷ ᠳᠤᠩ ᠭᠦᠷᠦᠯᠴᠡᠭᠦ ᠦᠭᠡᠶ ᠪᠠᠢ᠌ᠭ᠎ᠠ ᠨᠢ ᠮᠡᠳᠡᠭᠡᠵᠢ ᠶᠢᠨ ᠭᠡᠷᠡᠭ᠌᠂ 《ᠮᠤᠩᠭ᠋ᠤᠯ ᠨᠠᠷ᠎ᠠ ᠳᠤᠮᠢᠶᠠᠨ ᠤ ᠥᠭᠦᠯᠡᠯ ᠤᠳ》 ᠭᠡᠭᠦ ᠨᠤᠮ ᠶᠢᠡᠷ ᠠᠪᠴᠤ ᠭᠡᠯᠡᠭ᠍ᠰᠡᠨ ᠴᠤ ᠳᠠᠷᠠ ᠨᠢ ᠮᠠᠨ ᠤ ᠣᠷᠤᠨ ᠤ ᠮᠤᠩᠭ᠋ᠤᠯ ᠨᠠᠷ᠎ᠠ ᠳᠤᠮᠢᠶᠠᠨ ᠤ ᠳᠤᠬᠠᠢ ᠠᠩᠬᠠᠳᠤᠭᠠᠷ ᠥᠭᠦᠯᠡᠯ ᠤᠨ ᠳᠡᠭᠦᠪᠦᠷᠢ ᠪᠣᠯᠵᠤ ᠪᠣᠢ᠃ ᠭᠡᠭᠦ ᠮᠥᠷᠳᠡᠭᠡᠨ ᠥᠭᠦᠯᠡᠯ ᠤᠳ ᠲᠤ ᠣᠯᠠᠨ ᠳᠠᠯ᠎ᠠ ᠪᠠᠷ ᠭᠢ ᠠᠰᠠᠭᠤᠳᠠᠯ ᠳᠤ ᠦᠵᠡᠯᠳᠠ ᠣᠠᠳᠤᠤ ᠪᠠᠢ᠌ᠭ᠎ᠠ ᠨᠢ ᠢᠯᠡᠷᠭᠡᠢ ᠪᠠᠢ᠌ᠨ᠎ᠠ᠃


ᠳᠠᠪᠣ᠂ ᠮᠤᠩᠭ᠋ᠤᠯ ᠨᠠᠷ᠎ᠠ ᠳᠤᠮᠢᠶᠠᠨ ᠤ ᠠᠵᠢᠯ ᠤᠨ ᠵᠤᠬᠢᠶᠠᠨ ᠪᠠᠢ᠌ᠭᠤᠯᠤᠯᠳᠠ ᠪᠠ ᠮᠡᠳᠡᠭᠡ ᠵᠠᠩᠭᠢ ᠶᠢᠨ ᠳᠤᠬᠠᠢ


ᠡᠭᠦᠨ ᠳᠤ ᠮᠤᠩᠭ᠋ᠤᠯ ᠨᠠᠷ᠎ᠠ ᠳᠤᠮᠢᠶᠠᠨ ᠤ ᠳᠤᠬᠠᠢ ᠬᠠᠮᠢᠶ᠎ᠠ ᠪᠦᠭᠦᠢ ᠵᠤᠬᠢᠶᠠᠨ ᠪᠠᠢ᠌ᠭᠤᠯᠤᠯᠳᠠ᠂ ᠮᠤᠩᠭ᠋ᠤᠯ ᠨᠠᠷ᠎ᠠ ᠳᠤᠮᠢᠶᠠᠨ ᠤ ᠳᠤᠬᠠᠢ ᠡᠷᠳᠡᠨ ᠡᠳᠦᠭᠡᠭᠢ ᠪᠠᠢ᠌ᠳᠠᠯ᠂ ᠨᠠᠷ᠎ᠠ ᠳᠤᠮᠢᠶᠠᠨ ᠠᠵᠢᠯ ᠤᠨ ᠲᠦᠰᠤᠪ (ᠳᠦᠯᠦᠪᠯᠡᠭᠡ)᠂ ᠨᠠᠷ᠎ᠠ ᠳᠤᠮᠢᠶᠠᠨ ᠤ ᠠᠯᠪᠠᠨ ᠮᠡᠳᠡᠭᠡ ᠵᠢᠴᠢ ᠴᠢᠮᠡᠭᠡ ᠵᠠᠩᠭᠢ ᠶᠢ ᠪᠠᠭᠳᠠᠭᠠᠨ᠎ᠠ᠃

⒈ᠮᠡᠳᠡᠭᠡ ᠵᠠᠩᠭᠢ

⑴ᠲ᠋ᠠᠮᠤᠷᠪᠠᠭᠠᠨ᠎ᠠ ᠶᠢᠨ 《ᠮᠤᠩᠭ᠋ᠤᠯ ᠨᠠᠷ᠎ᠠ ᠳᠤᠮᠢᠶᠠᠨ ᠤ ᠥᠭᠦᠯᠡᠯ ᠤᠳ》 ᠭᠡᠭᠦ ᠨᠤᠮ ᠳᠤ ᠪᠢᠴᠢᠭ᠍ᠰᠡᠨ ᠡᠮᠦᠨᠡᠭᠢ ᠥᠭᠡ (ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ)᠃

⑵ᠡᠷᠳᠡᠨᠢᠳᠤᠭᠳᠠᠬᠤ ᠶᠢᠨ 《ᠮᠤᠩᠭ᠋ᠤᠯ ᠨᠠᠷ᠎ᠠ ᠳᠤᠮᠢᠶᠠᠨ ᠤ ᠳᠡᠦᠭᠡ ᠶᠢᠨ ᠳᠣᠢ᠌ᠮᠤ》 ᠭᠡᠭᠦ ᠵᠤᠭᠢᠶᠡᠯ᠃

⑶ᠬᠤᠤᠰᠪᠠᠶᠠᠷ᠂ ᠳᠣ᠊·ᠬᠠᠰᠪᠠᠭᠠᠨ᠎ᠠ ᠶᠢᠨ 《ᠹᠢᠼᠢᠺ ᠤᠨ ᠮᠤᠩᠭ᠋ᠤᠯ ᠨᠠᠷ᠎ᠠ ᠳᠤᠮᠢᠶᠠᠨ ᠤ ᠳᠦᠷᠢᠮᠵᠢᠭᠦᠯᠦᠯᠳᠡ ᠶᠢᠨ ᠳᠣᠢ᠌ᠮᠤ ᠬᠠᠠᠳᠤᠯᠭ᠎ᠠ ᠶᠢᠨ ᠳᠤᠬᠠᠢ》 ᠭᠡᠭᠦ ᠵᠤᠬᠢᠶᠠᠯ᠃

⑷ᠨᠠᠰᠤᠠᠠᠤᠷᠳᠤ ᠶᠢᠨ 《ᠬᠠᠤᠯᠢ ᠴᠠᠭᠠᠵᠠ ᠶᠢᠨ ᠨᠠᠷ᠎ᠠ ᠳᠤᠮᠢᠶ᠎ᠠ ᠶᠢ ᠴᠡᠭ᠍ᠴᠡᠯᠡᠨ ᠨᠢᠭᠡᠳᠭᠡᠭᠦ ᠵᠠᠷᠢᠮ ᠠᠰᠠᠭᠤᠳᠠᠯ ᠤᠨ ᠳᠤᠬᠠᠢ》 ᠭᠡᠭᠦ ᠵᠤᠬᠢᠶᠠᠯ᠃

⑸ᠲ᠋ᠤᠭᠠᠷᠰᠦ᠋ᠷᠤᠩ ᠤᠨ 《ᠮᠤᠩᠭ᠋ᠤᠯ ᠭᠡᠯᠡᠨ ᠤ ᠵᠢᠭᠡᠯᠡᠭᠡ ᠥᠭᠡ ᠭᠡᠷᠡᠭᠯᠡᠭ᠍ᠰᠡᠨ ᠳᠡᠦᠭᠡᠨ ᠶᠠᠪᠣᠴᠠ ᠪᠠ ᠣᠳᠤ ᠶᠢᠨ ᠠᠴᠢ ᠬᠤᠯᠪᠣᠭᠳᠠᠯ ᠤᠨ ᠳᠤᠬᠠᠢ ᠣᠢ᠌ᠯᠠᠭᠠᠯᠳᠠ》 ᠭᠡᠭᠦ ᠵᠤᠬᠢᠶᠠᠯ᠃

⑹ᠬᠤᠤᠰᠪᠠᠶᠠᠷ᠂ ᠳᠣ᠊·ᠬᠠᠰᠪᠠᠭᠠᠨ᠎ᠠ ᠶᠢᠨ 《物理概念蒙文命名研究》 ᠭᠡᠭᠦ ᠵᠤᠬᠢᠶᠠᠯ ᠵᠡᠷᠭᠡ ᠶᠢ ᠪᠠᠭᠳᠠᠭᠠᠵᠤ ᠪᠣᠯᠤᠨ᠎ᠠ᠃

⒉ᠮᠠᠨ ᠤ ᠣᠷᠤᠨ ᠤ 《ᠨᠠᠷ᠎ᠠ ᠳᠤᠮᠢᠶᠠᠨ ᠤ ᠺᠤᠮᠢᠰ》 ᠭᠡᠭᠦ ᠵᠤᠬᠢᠶᠠᠨ ᠪᠠᠢ᠌ᠭᠤᠯᠤᠯᠳᠠ ᠨᠢ ᠪᠠᠰᠠ ᠡᠯ᠎ᠡ ᠰᠠᠯᠪᠣᠷᠢ ᠰᠢᠡᠵᠢᠯᠡᠭᠡᠨ ᠤ ᠬᠤᠪᠢᠶᠠᠷᠢ ᠺᠤᠮᠢᠰ ᠢ ᠪᠠᠢ᠌ᠭᠤᠯᠵᠤ᠂ ᠨᠠᠯᠢᠶᠠᠤᠨ ᠭᠦᠭ᠍ᠵᠢᠶᠡᠨ ᠲᠡᠶ ᠭᠦᠳᠡᠯᠭᠡᠭᠡᠨ ᠭᠢᠵᠤ ᠪᠣᠢ᠃ ᠬᠤᠯᠪᠣᠭᠳᠠᠯ ᠪᠦᠭᠦᠢ ᠰᠤᠨᠢᠨ ᠰᠡᠳᠭᠦᠯ ᠢ ᠠᠰᠢᠭᠯᠠᠵᠤ ᠴᠢᠮᠡᠭᠡ ᠵᠠᠩᠭᠢ᠂ ᠠᠯᠪᠠᠨ ᠮᠡᠳᠡᠭᠡ ᠨᠠᠢ᠌ᠳᠠᠯᠠᠵᠤ ᠪᠣᠢ᠃


ᠵᠢᠷᠭᠤᠭ᠎ᠠ᠂ ᠳᠡᠭᠦᠰᠭᠡᠯ


ᠳᠠᠮᠤᠷᠪᠠᠭᠠᠨ᠎ᠠ ᠶᠢᠨ 《ᠮᠤᠩᠭ᠋ᠤᠯ ᠨᠠᠷ᠎ᠠ ᠳᠤᠮᠢᠶᠠᠨ ᠤ ᠥᠭᠦᠯᠡᠯ ᠤᠳ》 ᠭᠡᠭᠦ ᠨᠤᠮ ᠳᠤ ᠪᠢᠴᠢᠭ᠍ᠰᠡᠨ ᠡᠮᠦᠨᠡᠭᠢ ᠥᠭᠡ (ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ) ᠲᠤ ᠪᠠᠨ 《ᠡᠳᠡᠭᠡᠷ ᠥᠭᠦᠯᠡᠯ ᠤᠳ ᠨᠢ ᠮᠠᠨ ᠤ ᠣᠷᠤᠨ ᠤ ᠮᠤᠩᠭ᠋ᠤᠯ ᠨᠠᠷ᠎ᠠ ᠳᠤᠮᠢᠶ᠎ᠠ ᠶᠢᠨ ᠭᠦᠭ᠍ᠵᠢᠵᠤ ᠢᠷᠡᠭ᠍ᠰᠡᠨ ᠳᠡᠦᠭᠡᠨ ᠶᠠᠪᠣᠴᠠ ᠪᠠ ᠬᠣᠢ᠌ᠰᠢᠳᠠ ᠶᠢᠨ ᠵᠢᠷᠤᠮᠯᠠᠪᠠᠰᠤ ᠵᠤᠭᠢᠬᠤ ᠣᠨᠤᠯ᠂ ᠵᠠᠷᠴᠢᠮ᠂ ᠠᠷᠭ᠎ᠠ ᠵᠡᠷᠭᠡ ᠶᠢ ᠭᠦᠢᠴᠡᠳ ᠳᠤᠰᠬᠠᠵᠤ ᠪᠣᠢ᠃》 ᠭᠡᠵᠡᠢ᠃ ᠦᠨᠡᠩᠬᠦ ᠭᠦᠢᠴᠡᠳ ᠳᠤᠰᠬᠠᠵᠤ ᠳᠡᠢ᠌ᠯᠭᠦ ᠦᠭᠡᠶ ᠴᠤ ᠨᠠᠯᠢᠶᠠᠤᠨ ᠳᠤᠰᠬᠠᠵᠤ ᠳᠠᠢ᠌ᠯᠤᠨ᠎ᠠ ᠭᠡᠵᠤ ᠪᠢ ᠦᠵᠡᠵᠤ ᠪᠣᠢ᠃ ᠡᠭᠦᠨ ᠳᠤ ᠨᠡᠷᠡᠯᠡᠭᠦ ᠵᠠᠷᠴᠢᠮ ᠤᠨ ᠳᠠᠯ᠎ᠠ ᠪᠠᠷ 《ᠠᠭᠤᠳᠠᠯᠠᠬᠤ᠂ ᠵᠤᠬᠢᠶᠠᠬᠤ᠂ ᠵᠢᠭᠡᠯᠡᠭᠦ》 ᠭᠡᠳᠡᠭ᠌ ᠶᠢᠡᠷ ᠬᠤᠷᠢᠶᠠᠩᠭ᠋ᠣᠢ᠌ᠯᠠᠵᠤ ᠪᠣᠯᠤᠨ᠎ᠠ᠃ ᠡᠨᠡ ᠳᠠᠯ᠎ᠠ ᠪᠠᠷ ᠮᠤᠩᠭ᠋ᠤᠯ ᠠᠷᠠᠤᠨ ᠣᠯᠤᠰ ᠤᠨ ᠨᠠᠷ᠎ᠡ ᠲ᠋ᠤᠮᠢᠶᠠᠨ ᠤ ᠰᠤᠳᠤᠯᠭᠠᠨ ᠤ ᠪᠠᠢ᠌ᠳᠠᠯ ᠲᠡᠶ ᠦᠨᠳᠦᠰᠦᠨ ᠳᠡᠭᠡᠨ ᠠᠳᠠᠯᠢ᠃ ᠭᠡᠪᠠᠴᠤ ᠮᠤᠩᠭ᠋ᠤᠯ ᠠᠷᠠᠤᠨ ᠣᠯᠤᠰ ᠤᠨ ᠣᠨᠤᠯ ᠤᠨ ᠰᠠᠭᠤᠷᠢ ᠪᠣᠯᠭᠠᠵᠤ ᠪᠣᠯᠤᠮᠠᠷ ᠰᠤᠳᠤᠯᠭᠠᠨ ᠳᠤᠳᠠᠮᠠᠭ ᠰᠢᠭ᠂ ᠬᠠᠷᠢᠨ ᠮᠠᠨ ᠤ ᠣᠷᠤᠨ ᠤ ᠵᠤᠭᠢᠬᠤ ᠭᠡᠮᠵᠢᠶᠡᠨ ᠤ ᠪᠣᠢ᠃ ᠵᠤᠬᠢᠶᠠᠨ ᠪᠠᠢ᠌ᠭᠤᠯᠤᠯᠳᠠ ᠶᠢᠨ ᠳᠠᠯ᠎ᠠ ᠪᠠᠷ ᠮᠤᠩᠭ᠋ᠤᠯ ᠠᠷᠠᠤᠨ ᠣᠯᠤᠰ ᠤᠨ ᠭᠢ ᠶᠢ ᠪᠣᠳᠤᠪᠠᠯ ᠭᠢᠳᠡᠭ᠌ ᠠᠵᠢᠯ ᠨᠢ ᠴᠥᠭᠡᠨ ᠪᠠᠢ᠌ᠨ᠎ᠠ᠃ ᠮᠤᠩᠭ᠋ᠤᠯ ᠠᠷᠠᠤᠨ ᠣᠯᠤᠰ ᠤᠨ ᠪᠣᠯ ᠳᠤᠯᠢ ᠪᠢᠴᠢᠭ᠌ ᠨᠠᠢ᠌ᠷᠠᠭᠤᠯᠬᠤ ᠡᠴᠡ ᠡᠭᠢᠯᠡᠭᠡᠤᠨ ᠭᠢᠴᠢᠶᠠᠯ ᠤᠨ ᠨᠤᠮ ᠨᠠᠢ᠌ᠷᠠᠭᠤᠯᠬᠤ ᠳᠤ ᠭᠦᠷᠳᠡᠯ᠎ᠡ ᠪᠦᠷ ᠭᠢᠵᠤ ᠪᠣᠢ᠃

ᠳᠠᠮᠤᠷᠪᠠᠭᠠᠨ᠎ᠠ ᠶᠢᠨ 《ᠮᠤᠩᠭ᠋ᠤᠯ ᠨᠠᠷ᠎ᠠ ᠳᠤᠮᠢᠶᠠᠨ ᠤ ᠥᠭᠦᠯᠡᠯ ᠤᠳ》 ᠭᠡᠭᠦ ᠨᠤᠮ ᠳᠤ ᠪᠢᠴᠢᠭ᠍ᠰᠡᠨ ᠡᠮᠦᠨᠡᠭᠢ ᠥᠭᠡ (ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ) ᠳ᠋ᠠᠭᠢ 《ᠡᠳᠡᠭᠡᠷ ᠥᠭᠦᠯᠡᠯ ᠤᠳ ᠤᠨ ᠪᠢᠴᠢᠭ᠍ᠳᠡᠭ᠍ᠰᠡᠨ ᠴᠠᠭ ᠦᠶ᠎ᠡ ᠨᠢ ᠠᠳᠠᠯᠢ ᠦᠭᠡᠶ ᠳᠤᠯᠠ ᠵᠠᠷᠢᠮ ᠨᠢ ᠳᠤᠬᠠᠢ ᠶᠢᠨ ᠦᠶ᠎ᠡ ᠶᠢᠨ ᠣᠯᠤᠰ ᠲᠦᠷᠦ ᠶᠢᠨ ᠪᠠᠢ᠌ᠳᠠᠯ ᠳᠤ ᠡᠳᠦᠢ ᠳᠠᠳᠤᠢ ᠨᠥᠯᠦᠭᠡᠯᠡᠭ᠍ᠳᠡᠭ᠍ᠰᠡᠨ ᠨᠢ ᠳᠠᠮᠵᠢᠭ ᠦᠭᠡᠶ ᠶᠤᠮ᠃ ᠳᠠᠷᠠᠴᠢᠯᠠᠨ ᠵᠤᠬᠢᠶᠠᠭᠴᠢᠳ ᠤᠨ ᠦᠵᠡᠯᠳᠠ ᠳᠠᠨᠢᠯᠳᠠ ᠨᠢ ᠠᠳᠠᠯᠢ ᠪᠣᠰᠤ ᠳᠤᠯᠠ ᠵᠠᠷᠢᠮ ᠥᠭᠦᠯᠡᠯ ᠨᠢ ᠬᠤᠭᠤᠷᠤᠠᠳᠤ ᠪᠠᠨ ᠠᠳᠠᠯᠢ ᠪᠣᠰᠤ ᠦᠵᠡᠯᠳᠠ ᠲᠡᠶ ᠪᠠᠢ᠌ᠳᠠᠭ ᠨᠢ ᠶᠠᠷᠢᠶᠠᠨ ᠦᠭᠡᠶ ᠪᠢᠯᠠ᠃》 ᠭᠡᠳᠡᠭ᠌ ᠥᠭᠡ ᠡᠴᠡ ᠦᠵᠡᠪᠠᠯ᠂ ᠮᠠᠨ ᠤ ᠣᠷᠤᠨ ᠤ ᠨᠠᠷ᠎ᠠ ᠳᠤᠮᠢᠶᠠᠴᠢᠳ ᠣᠨᠤᠯ ᠤᠨ ᠵᠢᠯᠤᠭᠤᠳᠤᠯᠭ᠎ᠠ ᠦᠭᠡᠶ ᠶᠤᠮ ᠦᠦ︖ ᠡᠰᠡᠭᠦᠯ᠎ᠡ ᠨᠢᠭᠡᠳᠦᠯᠳᠡᠢ ᠮᠥᠷᠳᠡᠯᠭᠡ ᠪᠣᠯᠭᠠᠮᠠᠷ ᠵᠠᠷᠴᠢᠮ ᠦᠭᠡᠶ ᠪᠣᠶᠤ ᠳᠤᠳᠤᠷᠬᠠᠢ ᠦᠭᠡᠶ ᠨᠢ ᠢᠯᠡᠷᠭᠡᠢ᠃ ᠡᠨᠡ ᠪᠠᠢ᠌ᠳᠠᠯ ᠭᠡᠯᠡᠯᠭᠡᠨ ᠦᠭᠡᠶ ᠮᠠᠨ ᠤ ᠨᠠᠷ᠎ᠠ ᠳᠤᠮᠢᠶᠠᠨ ᠤ ᠠᠵᠢᠯ ᠳᠤ ᠠᠰᠢᠭ ᠦᠭᠡᠶ᠃ ᠮᠤᠩᠭ᠋ᠤᠯ ᠠᠷᠠᠤᠨ ᠣᠯᠤᠰ ᠲᠤ ᠴᠤ ᠡᠢ᠌ᠮᠤ ᠪᠠᠢ᠌ᠳᠠᠯ ᠲᠡᠶ᠃

ᠵᠠᠷᠢᠮ ᠭᠦᠮᠦᠰ ᠨᠠᠷ᠎ᠠ ᠳᠤᠮᠢᠶᠠᠨ ᠤ ᠪᠣᠯᠪᠠᠰᠤᠷᠠᠬᠤ ᠠᠩᠭᠢ ᠪᠣᠶᠤ ᠭᠢᠴᠢᠶᠠᠯ ᠭᠦᠮᠦᠵᠢᠯ ᠢ ᠪᠠᠶᠡᠯᠡᠭᠦᠯᠭᠦ ᠰᠠᠨᠠᠭ᠎ᠠ ᠲᠡᠶ᠃ ᠮᠢᠨᠤ ᠥᠵᠡᠭᠦ ᠪᠠᠷ ᠡᠨᠡ ᠰᠠᠨᠠᠯ ᠵᠣᠢ᠌ᠳᠠᠢ᠃ ᠣᠴᠢᠷ ᠨᠢ᠂ ᠮᠠᠨ ᠤ ᠣᠷᠤᠨ ᠤ ᠨᠠᠷ᠎ᠠ ᠳᠤᠮᠢᠶᠠᠴᠢᠳ ᠤᠨ ᠣᠯᠠᠩᠭᠢ ᠨᠢ ᠪᠦᠷ ᠠᠵᠢᠯ ᠤᠨ ᠳᠤᠮᠳᠠ ᠪᠠᠨ ᠭᠠᠴᠢᠭᠳᠠᠭᠠᠤᠨ ᠰᠠ‍‌ᠶᠢ ᠡᠨᠡ ᠳᠤᠬᠠᠢ ᠣᠷᠤᠯᠳᠤᠭᠰᠠᠨ ᠡᠴᠡ ᠪᠢᠰᠢ᠂ ᠬᠠᠷᠢᠨ ᠡᠭᠢᠨ ᠡᠴᠡ ᠪᠠᠨ ᠣᠷᠤᠯᠳᠤᠭᠰᠠᠨ ᠤ ᠭᠢ ᠴᠥᠭᠡᠨ ᠶᠤᠮ᠃ ᠡᠨᠡ ᠨᠢ ᠭᠡᠯᠡᠯᠭᠡᠨ ᠦᠭᠡᠶ ᠨᠠᠷ᠎ᠠ ᠳᠤᠮᠢᠶ᠎ᠠ ᠶᠢ ᠰᠤᠳᠤᠯᠬᠤ ᠠᠵᠢᠯ ᠢ ᠶᠡᠭᠡᠪᠠᠷ ᠥᠷᠨᠢᠭᠦᠯᠭᠦ ᠳᠤ ᠰᠠᠭᠠᠤᠨ ᠪᠣᠯᠵᠤ ᠪᠠᠢ᠌ᠨ᠎ᠠ᠃ ᠰᠢᠬᠠᠭᠳᠠᠨ ᠬᠠᠰᠢᠭᠳᠠᠭᠰᠠᠨ ᠰᠤᠳᠤᠯᠭᠠᠳᠠᠨ ᠴᠥᠭᠡᠨ ᠡᠴᠡ ᠯᠠ ᠰᠤᠳᠤᠯᠭᠠᠨ ᠤ ᠭᠦᠴᠤᠨ ᠮᠡᠭᠦᠰ ᠪᠣᠯᠳᠠᠭ᠃ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ 86 ᠣᠨ ᠤ ᠮᠤᠩᠭ᠋ᠤᠯ ᠰᠤᠳᠤᠯᠤᠨ ᠰᠤᠷᠤᠭᠴᠢᠳ ᠲᠤ ᠪᠠᠨ ᠨᠠᠷ᠎ᠠ ᠳᠤᠮᠢᠶᠠᠨ ᠤ ᠳᠤᠬᠠᠢ ᠭᠢᠴᠢᠶᠠᠯ ᠨᠡᠭᠡᠭᠡᠵᠤ ᠥᠩᠭᠡᠷᠡᠭ᠍ᠰᠡᠨ᠂ ᠭᠡᠪᠠᠴᠤ ᠳᠠᠪᠣᠬᠠᠨ ᠰᠤᠷᠤᠭᠴᠢ ᠪᠦᠭᠡᠤᠨ ᠵᠠᠷᠢᠮ ᠨᠢ ᠨᠡᠢ᠌ᠭᠡᠮ ᠪᠣᠶᠤ ᠠᠵᠢᠯ ᠤᠨ ᠭᠡᠷᠡᠭ᠍ᠴᠡᠭᠡ ᠪᠠᠷ ᠨᠠᠷ᠎ᠠ ᠳᠤᠮᠢᠶ᠎ᠠ ᠰᠤᠳᠤᠯᠬᠤ ᠠᠵᠢᠯ ᠳᠤ ᠣᠷᠤᠯᠴᠠᠬᠤ ᠴᠢᠬᠤᠯᠠ ᠦᠭᠡᠶ᠃ ᠡᠢ᠌ᠮᠤ ᠡᠴᠡ ᠡᠨᠡ ᠠᠰᠠᠭᠤᠳᠠᠯ ᠢ ᠬᠤᠯᠪᠣᠭᠳᠠᠯ ᠪᠦᠭᠦᠢ ᠣᠳᠤᠷᠢᠳᠤᠯᠭ᠎ᠠ ᠪᠣᠶᠤ ᠰᠤᠷᠭᠠᠨ ᠭᠦᠮᠦᠵᠢᠯ ᠤᠨ ᠵᠢᠦᠡᠭᠦᠯᠳᠡᠨ ᠠᠩᠬᠠᠷᠤᠯ ᠳᠠᠭᠠᠨ ᠠᠪᠣᠪᠠᠯ ᠵᠤᠭᠢᠨ᠎ᠠ᠃


ᠵᠡᠭᠦᠯᠳᠡ᠄

① 《ᠮᠤᠩᠭ᠋ᠤᠯ ᠨᠠᠷ᠎ᠠ ᠳᠤᠮᠢᠶᠠᠨ ᠤ ᠥᠭᠦᠯᠡᠯ ᠤᠳ》 (ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ)᠃

② 《ᠨᠠᠷ᠎ᠠ ᠳᠤᠮᠢᠶᠠᠨ ᠤ ᠥᠭᠦᠯᠡᠯ》 (ᠲ᠋ᠤᠳᠤᠭᠠᠳᠤ ᠮᠠᠲ᠋ᠸᠷᠢᠶᠠᠯ)᠃

③ 《ᠨᠠᠷ᠎ᠠ ᠳᠤᠮᠢᠶᠠᠨ ᠤ ᠰᠤᠳᠤᠯᠤᠯ ᠭᠢᠭᠡᠤᠨ ᠮᠠᠲ᠋ᠸᠷᠢᠶᠠᠯ》 (ᠲ᠋ᠤᠳᠤᠭᠠᠳᠤ ᠮᠠᠲ᠋ᠸᠷᠢᠶᠠᠯ)᠃

④ ᠦᠪᠣᠷ ᠮᠤᠩᠭ᠋ᠤᠯ ᠤᠨ ᠡᠷᠳᠡᠮ ᠰᠢᠡᠵᠢᠯᠡᠭᠡᠨ ᠤ ᠰᠡᠳᠭᠦᠯ᠃

⑤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠡᠷᠳᠡᠮ ᠰᠢᠡᠵᠢᠯᠡᠭᠡᠨ ᠤ ᠰᠡᠳᠭᠦᠯ᠃

⑥ 《ᠨᠠᠷ᠎ᠠ ᠳᠤᠮᠢᠶᠠᠨ ᠵᠦᠢ᠌ ᠶᠢᠨ ᠯᠸᠺᠼᠢ》 (ᠲ᠋ᠣ᠊·ᠬᠠᠰᠪᠠᠭᠠᠨ᠎ᠠ ᠪᠢᠴᠢᠪᠠ)᠃

⑦ 《自然科学术语研究》 ᠣᠯᠤᠰ ᠤᠨ ᠨᠠᠷ᠎ᠠ ᠳᠤᠮᠢᠶᠠᠨ ᠤ ᠺᠤᠮᠢᠰ ᠤᠨ ᠳᠤᠰᠬᠠᠢ ᠰᠡᠳᠭᠦᠯ᠃

⑧ 《ᠮᠤᠩᠭ᠋ᠤᠯ ᠭᠡᠯᠡ ᠪᠢᠴᠢᠭ᠌》 ᠰᠡᠳᠭᠦᠯ᠃



ᠨᠢ᠋ᠮᠠᠨ ᠬᠤᠰᠢᠭᠤᠨ ᠤ ᠬᠤᠩᠬᠤᠷᠳᠠᠯ᠎ᠠ ᠮᠤᠩᠭ᠋ᠤᠯ ᠳᠤᠮᠳᠠᠳᠤ ᠰᠤᠷᠭᠠᠭᠤᠯᠢ ᠊᠊᠊᠊᠊᠊᠊᠊᠊᠊᠊᠊᠊᠊᠊ ᠵᠠᠩ ᠳᠢᠸᠧ ᠱᠠᠨ


ᠵᠤᠬᠢᠶᠠᠭᠴᠢ᠄ ᠵᠠᠩ ᠳᠢᠶᠧ ᠱᠠᠨ
ᠢᠷᠡᠯᠲᠡ᠄ ᠠᠯᠳᠠᠷᠳᠤ
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 11104
ᠴᠠᠭ᠄ 2007 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ