ᠨᠡᠪᠲᠡᠷᠡᠨ ᠤᠷᠤᠬᠤ
ᠮᠤᠩᠭ᠋ᠤᠯ ᠭᠡᠷ ᠤᠨ ᠳᠤᠳᠤᠷᠠᠭᠢ ᠣᠷᠤᠨ ᠪᠠᠢ᠌ᠷᠢ ᠶᠢᠨ ᠳᠤᠬᠠᠢ

ᠮᠤᠩᠭ᠋ᠤᠯ ᠭᠡᠷ ᠤᠨ ᠰᠤᠶᠤᠯ ᠪᠣᠯ ᠮᠤᠩᠭ᠋ᠤᠯᠴᠤᠳ ᠤᠨ ᠳᠡᠦᠭᠡᠨ ᠴᠠᠭ ᠦᠶ᠎ᠡ ᠶᠢᠨ ᠪᠣᠯᠪᠠᠰᠤᠨ ᠤ ᠪᠠᠢ᠌ᠳᠠᠯ ᠢ ᠳᠤᠰᠬᠠᠬᠤ ᠴᠢᠬᠤᠯᠠ ᠪᠠᠯᠭᠡ ᠳᠡᠮᠳᠡᠭ᠌ ᠮᠦᠨ᠃ ᠮᠤᠩᠭ᠋ᠤᠯ ᠭᠡᠷ ᠤᠨ ᠭᠡᠯᠪᠠᠷᠢ ᠪᠦᠳᠦᠴᠡ᠂ ᠣᠢ᠌ᠯᠠᠳᠤᠯ ᠭᠡᠷᠡᠭ᠍ᠴᠡᠭᠡ ᠵᠡᠷᠭᠡ ᠨᠢ ᠮᠤᠩᠭ᠋ᠤᠯᠴᠤᠳ ᠤᠨ ᠠᠮᠢᠳᠤᠷᠠᠬᠤ ᠪᠠᠢ᠌ᠭᠠᠯᠢ ᠶᠢᠨ ᠣᠷᠴᠢᠨ ᠳᠤᠭᠤᠷᠢᠨ᠂ ᠠᠮᠢᠳᠤᠷᠠᠨ ᠠᠵᠢᠯᠯᠠᠬᠤ ᠭᠡᠯᠪᠠᠷᠢ ᠮᠠᠶ‍ᠢᠭ᠂ ᠵᠠᠩ ᠰᠡᠳᠭᠢᠭᠦᠢ ᠵᠡᠷᠭᠡ ᠠᠯᠢᠪᠠ ᠪᠦᠭᠦᠨ ᠲᠡᠶ ᠨᠢᠭᠳᠠ ᠬᠤᠯᠪᠣᠭᠳᠠᠭᠰᠠᠨ ᠪᠠᠢ᠌ᠳᠠᠭ᠃ ᠮᠤᠩᠭ᠋ᠤᠯ ᠭᠡᠷ ᠨᠢ ᠮᠤᠩᠭ᠋ᠤᠯᠴᠤᠳ ᠤᠨ ᠣᠶᠤᠨ ᠪᠢᠯᠢᠭ᠌ ᠢ ᠭᠦᠢᠴᠡᠳ ᠰᠢᠩᠭᠡᠭᠡᠭ᠍ᠰᠡᠨ ᠪᠦᠭᠡᠳ ᠮᠠᠰᠢ ᠪᠠᠶᠠᠯᠢᠭ ᠣᠤᠠᠬ᠎ᠠ ᠠᠭᠤᠯᠭ᠎ᠠ ᠲᠡᠶ᠂ ᠭᠣᠢ᠌ᠳᠠ ᠳᠤᠳᠤᠷᠠᠭᠤᠨ ᠦᠨᠳᠦᠰᠦᠳᠠᠨ ᠤ ᠦᠪᠡᠷᠮᠢᠴᠠ ᠣᠠᠴᠠᠯᠢᠭ ᠲᠡᠶ ᠪᠠᠢ᠌ᠳᠠᠭ ᠳᠤᠯᠠ ᠮᠤᠩᠭ᠋ᠤᠯᠴᠤᠳ ᠤᠨ ᠭᠦᠮᠤᠨ ᠲᠦᠷᠦᠯᠭᠢᠳᠠᠨ ᠤ ᠪᠣᠯᠪᠠᠰᠤᠨ ᠰᠤᠶᠤᠯ ᠳᠤ ᠥᠵᠡᠭᠦᠯᠦᠭ᠍ᠰᠡᠨ ᠴᠢᠬᠤᠯᠠ ᠬᠤᠪᠢ ᠨᠠᠮᠠᠷᠢ ᠪᠣᠯᠬᠤ ᠶᠤᠮ᠃

ᠡᠢ᠌ᠮᠤ ᠡᠴᠡ ᠣᠳᠤᠬᠠᠨ ᠤ 《ᠰᠤᠶᠤᠯ ᠢ ᠳᠠᠸᠠᠷᠴᠢᠯᠠᠨ᠎ᠠ》 ᠭᠡᠮᠡᠭᠦ ᠶᠠᠪᠣᠴᠠ ᠳᠤ ᠮᠤᠩᠭ᠋ᠤᠯ ᠭᠡᠷ ᠤᠨ ᠳᠦᠷᠰᠦ ᠭᠡᠯᠪᠠᠷᠢ ᠨᠢ ᠬᠤᠳᠠ ᠭᠦᠳᠡᠭᠡ ᠶᠢᠨ ᠵᠤᠭᠠᠴᠠᠯ ᠪᠠᠭᠤᠳᠠᠯ᠂ ᠳᠡᠯᠭᠡᠭᠦᠷ ᠬᠤᠳᠠᠯᠳᠤᠭ᠎ᠠ᠂ ᠠᠰᠠᠷ ᠳᠠᠭᠳᠤ ᠶᠢᠨ ᠣᠷᠤᠢ᠂ ᠭᠡᠷᠡᠮ ᠬᠠᠨ᠎ᠠ ᠶᠢᠨ ᠵᠢᠷᠤᠭ ᠲᠤ ᠭᠦᠷᠳᠡᠯ᠎ᠡ ᠭᠠᠵᠠᠷ ᠪᠣᠯᠭᠠᠨ ᠳᠤ ᠬᠠᠷᠠᠭᠳᠠᠬᠤ ᠪᠣᠯᠪᠠ᠃ ᠰᠤᠶᠤᠯ ᠢ ᠳᠠᠸᠠᠷᠴᠢᠯᠠᠬᠤ ᠳᠤ ᠳᠡᠭᠦᠨ ᠤ ᠴᠤᠬᠤᠮ ᠭᠦ ᠮᠦᠨ ᠴᠢᠨᠠᠷ ᠤᠨ ᠭᠢᠨᠢ ᠦᠨ᠎ᠡ ᠥᠷᠳᠡᠭ᠌ ᠢ ᠦᠨᠡᠨ ᠭᠦ ᠢᠯᠡᠷᠡᠭᠦᠯᠵᠤ ᠵᠦᠪ ᠶᠢᠡᠷ ᠭᠦᠭ᠍ᠵᠢᠭᠦᠯᠭᠦ ᠭᠡᠷᠡᠭ᠍ᠳᠡᠢ᠃ ᠭᠡᠳᠡᠯ᠎ᠡ 《ᠠᠪᠳᠠᠷ᠎ᠠ ᠶᠢ ᠨᠢ ᠠᠪᠣᠭᠠᠤᠨ ᠠᠯᠳᠠ ᠶᠢ ᠨᠢ ᠠᠰᠬᠠᠨ᠎ᠠ》 ᠭᠡᠭ᠍ᠴᠢ ᠪᠠᠷ᠂ ᠮᠤᠩᠭ᠋ᠤᠯ ᠰᠤᠶᠤᠯ ᠤᠨ ᠳᠤᠬᠠᠢ ᠪᠦᠷᠢᠨ ᠳᠠᠨᠢᠯᠳᠠ ᠦᠭᠡᠶ ᠭᠦᠮᠦᠰ ᠪᠣᠶᠤ ᠮᠠᠨ ᠤ ᠭᠢᠨ ᠦᠪᠡᠷ ᠴᠤ ᠳᠠᠨᠢᠯᠳᠠ ᠪᠠᠷ ᠳᠤᠳᠠᠮᠠᠭ ᠪᠠᠢ᠌ᠵᠤ ᠵᠥᠪᠭᠡᠨ ᠨᠠᠷ᠎ᠠ ᠶᠢᠨ ᠳᠠᠳᠤᠢ ᠪᠣᠶᠤ ᠥᠩᠭᠡᠨ ᠳᠠᠯ᠎ᠠ ᠶᠢ ᠨᠢ ᠠᠰᠢᠭᠯᠠᠭᠠᠤᠨ ᠮᠦᠨ ᠴᠢᠨᠠᠷ ᠢ ᠨᠢ ᠦᠯᠦ ᠭᠦᠡᠳᠦᠳᠭᠡᠨ᠂ ᠴᠢᠨᠠᠭᠰᠢᠳᠠ ᠦᠨᠡᠳᠤ ᠦᠪ ᠰᠤᠶᠤᠯ ᠶᠢᠡᠨ ᠪᠦᠷᠢᠯᠭᠡᠵᠤ ᠪᠣᠢ ᠥᠵᠡᠭ᠍ᠳᠡᠯ ᠴᠤ ᠬᠠᠶᠠ ᠦᠭᠡᠶ ᠣᠷᠤᠰᠢᠵᠤ ᠪᠠᠢ᠌ᠨ᠎ᠠ᠃

ᠡ᠊ᠨᠳᠡ ᠪᠢ ᠵᠥᠪᠭᠡᠨ ᠮᠤᠩᠭ᠋ᠤᠯ ᠭᠡᠷ ᠤᠨ ᠳᠤᠳᠤᠷᠠᠭᠢ ᠡᠳ᠋ᠯᠡᠯ ᠭᠡᠷᠡᠭ᠍ᠰᠡᠯ ᠢ ᠳᠠᠯᠪᠢᠬᠤ ᠣᠷᠤᠨ ᠪᠠᠢ᠌ᠷᠢ ᠶᠢᠨ ᠳᠤᠬᠠᠢ ᠵᠠᠷᠢᠮ ᠣᠴᠢᠷ ᠶᠤᠰᠤ ᠪᠠᠷ ᠵᠢᠱᠢᠶᠠᠯᠠᠵᠤ ᠦᠪᠡᠷ ᠤᠨ ᠰᠤᠶᠤᠯ ᠶᠢᠡᠨ ᠨᠠᠷᠢᠯᠢᠭ ᠰᠢᠠᠵᠢᠯᠠᠵᠤ᠂ ᠪᠦᠷᠢᠨ ᠵᠦᠪ ᠶᠢᠡᠷ ᠣᠬᠠᠭᠤᠯᠤᠨ ᠵᠢᠩᠭᠢᠨᠢ ᠦᠨ᠎ᠡ ᠥᠷᠳᠡᠭ᠌ ᠢ ᠨᠢ ᠢᠯᠡᠷᠡᠭᠦᠯᠭᠦ ᠪᠣᠯᠪᠠᠤ ᠭᠡᠳᠡᠭ᠌ ᠰᠠᠨᠠᠭ᠎ᠠ ᠪᠠᠨ ᠢᠯᠡᠳᠭᠡᠶ᠎ᠡ᠃

ᠮᠤᠩᠭ᠋ᠤᠯ ᠭᠡᠷ ᠤᠨ ᠪᠦᠳᠦᠴᠡ ᠪᠠ ᠳᠤᠳᠤᠷᠠᠭᠢ ᠣᠷᠤᠨ ᠪᠠᠢ᠌ᠷᠢ ᠵᠡᠷᠭᠡ ᠨᠢ ᠴᠤ ᠳᠤᠬᠠᠢ ᠶᠢᠨ ᠦᠶ᠎ᠡ ᠶᠢᠨ ᠪᠠᠢ᠌ᠭᠠᠯᠢ᠂ ᠠᠮᠢᠳᠤᠷᠠᠯ ᠠᠬᠤᠢ ᠶᠢᠨ ᠵᠦᠢ ᠶᠤᠰᠤᠨ ᠳᠤ ᠵᠤᠭᠢᠴᠠᠵᠤ ᠡᠷᠳᠡᠨ ᠤ ᠣᠳᠤᠨ ᠣᠷᠤᠨ ᠤ ᠰᠢᠠᠵᠢᠯᠠᠯ ᠪᠠ ᠵᠢᠷᠤᠬᠠᠢ ᠶᠢᠨ ᠣᠬᠠᠭᠠᠨ ᠤ ᠭᠦᠨ ᠶᠤᠰᠤ ᠣᠴᠢᠷ ᠢ ᠰᠢᠩᠭᠡᠭᠡᠭ᠍ᠰᠡᠨ ᠪᠠᠢ᠌ᠳᠠᠭ᠃ ᠭᠡᠷ ᠤᠨ ᠳᠤᠭᠤᠨᠤ ᠪᠣᠯ ᠵᠢᠷᠤᠬᠠᠢ ᠶᠢᠨ ᠣᠬᠠᠭᠠᠨ ᠤ ᠨᠢ᠋ᠮᠠᠨ ᠰᠠᠭᠤᠳᠠᠯ ᠤᠨ ᠭᠦᠷᠳᠤ ᠡᠴᠡ ᠡᠰᠢ ᠠᠪᠣᠭᠰᠠᠨ ᠨᠢ ᠮᠠᠰᠢ ᠢᠯᠡᠷᠭᠡᠢ ᠪᠦᠭᠡᠳ ᠭᠡᠷ ᠤᠨ ᠳᠤᠳᠤᠷᠠᠭᠢ ᠨᠢ ᠲᠦᠮᠡᠨ ᠪᠣᠳᠠᠰ ᠤᠨ ᠠᠮᠢᠳᠤᠷᠠᠬᠤᠢ ᠶᠢᠨ ᠵᠦᠢ ᠊᠊᠊᠊᠊᠊᠊᠊᠊᠊᠊᠊᠊᠊᠊ ᠠᠷᠭ᠎ᠠ ᠪᠢᠯᠢᠭ᠌ ᠬᠤᠶᠠᠷ ᠳᠠᠯ᠎ᠠ ᠪᠠᠷ ᠪᠦᠷᠢᠯᠳᠦᠭ᠍ᠰᠡᠨ ᠪᠠᠢ᠌ᠳᠠᠭ᠃ ᠳᠠᠷᠤᠢ ᠪᠠᠷᠠᠭᠤᠨ ᠳᠠᠯ᠎ᠠ ᠶᠢ ᠠᠷᠭ᠎ᠠ ᠳᠠᠯ᠎ᠠ᠂ ᠪᠦᠰᠡᠳᠡᠢ ᠭᠦᠮᠤᠨ ᠤ ᠳᠠᠯ᠎ᠠ᠂ ᠭᠡᠢ᠌ᠮᠦᠷᠢ ᠳᠠᠯ᠎ᠠ ᠭᠡᠳᠡᠭ᠌᠃ ᠵᠡᠭᠦᠨ ᠳᠠᠯ᠎ᠠ ᠶᠢ ᠪᠢᠯᠢᠭ᠌ ᠳᠠᠯ᠎ᠠ᠂ ᠪᠦᠰᠡᠭᠦᠢ ᠭᠦᠮᠤᠨ ᠤ ᠳᠠᠯ᠎ᠠ᠂ ᠪᠣᠶᠠᠨ ᠭᠡᠰᠢᠭ᠌ ᠤᠨ ᠳᠠᠯ᠎ᠠ ᠭᠡᠳᠡᠭ᠌᠃ ᠳᠡᠭᠡᠭᠡᠳ ᠭᠡᠢ᠌ᠮᠦᠷᠢ ᠳᠠᠯ᠎ᠠ ᠳᠤ ᠪᠦᠰᠡᠳᠡᠢ ᠭᠦᠮᠤᠨ ᠰᠠᠭᠤᠵᠤ᠂ ᠪᠦᠰᠡᠳᠡᠢ ᠭᠦᠮᠤᠨ ᠤ ᠭᠡᠷᠡᠭᠯᠡᠭ᠍ᠳᠡᠭ᠌ ᠡᠳ᠋ᠯᠡᠯ ᠭᠡᠷᠡᠭ᠍ᠰᠡᠯ ᠢ ᠳᠠᠯᠪᠢᠨ᠎ᠠ᠃ ᠪᠣᠶᠠᠨ ᠭᠡᠰᠢᠭ᠌ ᠤᠨ ᠲ᠋ᠠᠯ᠎ᠠ ᠳᠤ ᠪᠦᠰᠡᠭᠦᠢ ᠭᠦᠮᠤᠨ ᠰᠠᠭᠤᠵᠤ᠂ ᠪᠦᠰᠡᠭᠦᠢ ᠭᠦᠮᠤᠨ ᠤ ᠭᠡᠷᠡᠭᠯᠡᠭ᠍ᠳᠡᠭ᠌ ᠡᠳ᠋ᠯᠡᠯ ᠭᠡᠷᠡᠭ᠍ᠰᠡᠯ ᠢ ᠳᠠᠯᠪᠢᠨ᠎ᠠ᠃ ᠢᠷᠡᠭ᠍ᠰᠡᠨ ᠭᠡᠢ᠌ᠴᠢᠳ ᠶᠢᠡᠨ ᠪᠠᠰᠠ ᠭᠡᠢ᠌ᠮᠦᠷᠢ ᠳᠠᠯ᠎ᠠ ᠪᠠᠷ ᠰᠠᠭᠤᠯᠭᠠᠳᠠᠭ᠃ ᠭᠡᠷ ᠳᠤᠳᠤᠷᠠᠭᠢ ᠪᠣᠳᠠᠳᠠᠢ ᠣᠷᠤᠨ ᠵᠥᠭ᠌ ᠢ ᠠᠷᠪᠠᠨ ᠬᠤᠶᠠᠷ ᠡᠰᠢ ᠡᠷᠭᠡᠳᠡᠨ ᠤ ᠨᠠᠷᠠᠢ᠌ᠳᠤᠯ ᠶᠢᠡᠷ ᠨᠠᠷᠠᠯᠠᠵᠤ ᠪᠣᠯᠤᠨ᠎ᠠ᠃ ᠳᠠᠷᠤᠢ ᠬᠣᠢ᠌ᠮᠤᠷ ᠳᠠᠯ᠎ᠠ ᠶᠢ ᠬᠤᠯᠤᠭᠠᠨ᠎ᠠ ᠳᠠᠯ᠎ᠠ ᠭᠡᠵᠤ ᠴᠢᠨᠠᠭᠰᠢ ᠨᠠᠷᠠᠨ ᠵᠦᠪ ᠵᠥᠭ᠌ ᠲᠤ ᠥᠭᠡᠷ᠂ ᠪᠠᠷᠰ᠂ ᠳᠠᠤᠯᠠᠢ ᠁ ᠭᠡᠮᠡᠨ ᠳᠤᠭᠢᠷᠠᠯᠴᠠᠨ᠎ᠠ (ᠪᠣᠳᠠᠳᠠᠢ ᠪᠠᠢ᠌ᠷᠢ ᠨᠢ ᠵᠢᠷᠤᠭ ᠲᠤ ᠥᠵᠡᠭᠦᠯᠦᠭ᠍ᠰᠡᠨ ᠮᠠᠳᠤ)᠃


ᠬᠤᠯᠤᠭᠠᠨ᠎ᠠ ᠳᠠᠯ᠎ᠠ ᠶᠢ ᠭᠡᠢ᠌ᠮᠦᠷᠢ ᠭᠡᠮᠡᠨ ᠦᠵᠡᠵᠤ ᠭᠡᠢ᠌ᠮᠦᠷᠢ ᠰᠦᠯᠳᠡ ᠪᠠᠨ ᠳᠠᠯᠪᠢᠳᠠᠭ᠃

ᠭᠠᠬᠠᠢ ᠳᠠᠯ᠎ᠠ ᠶᠢ ᠭᠡᠢ᠌ᠮᠦᠷᠢ ᠳᠠᠯᠠᠯᠬᠤ ᠣᠷᠤᠨ ᠭᠡᠮᠡᠨ ᠦᠵᠡᠵᠤ ᠪᠣᠷᠬᠠᠨ᠂ ᠳᠠᠯᠠᠯᠭ᠎ᠠ ᠶᠢᠨ ᠰᠠᠪᠠ ᠶᠢ ᠳᠠᠯᠪᠢᠳᠠᠭ᠃

ᠨᠤᠬᠠᠢ ᠳᠠᠯ᠎ᠠ ᠶᠢ ᠡᠷ᠎ᠡ ᠶᠢᠨ ᠪᠠᠭᠠᠳᠤᠷ ᠢ ᠮᠠᠠᠳᠤᠭᠤᠯᠬᠤ ᠣᠷᠤᠨ ᠭᠡᠮᠡᠨ ᠦᠵᠡᠵᠤ ᠨᠤᠮᠤ ᠰᠠᠭᠠᠳᠠᠭ᠂ ᠪᠦᠭᠡ ᠶᠢᠨ ᠵᠤᠳᠤᠭ ᠰᠢᠭᠤᠳᠠᠭ᠂ ᠵᠠᠩᠭᠢᠶ᠎ᠠ ᠶᠢ ᠳᠠᠯᠪᠢᠳᠠᠭ᠃

ᠳᠠᠭᠢᠶ᠎ᠠ ᠳᠠᠯ᠎ᠠ ᠶᠢ ᠡᠷ᠎ᠡ ᠭᠦᠮᠤᠨ ᠤ ᠠᠮᠢᠨ ᠰᠠᠭᠢᠬᠤ ᠣᠷᠤᠨ ᠭᠡᠵᠤ ᠦᠵᠡᠨ ᠳᠠᠪᠠᠯ ᠪᠦᠰᠡ ᠪᠠᠨ ᠳᠠᠯᠪᠢᠳᠠᠭ᠃

ᠪᠠᠴᠢᠨ ᠳᠠᠯ᠎ᠠ ᠶᠢ ᠭᠡᠢ᠌ᠮᠦᠷᠢ ᠴᠤᠭ ᠢ ᠪᠠᠳᠠᠷᠠᠭᠤᠯᠤᠨ ᠪᠠᠶᠠᠷ ᠨᠠᠢ᠌ᠷ ᠡᠭᠦᠰᠭᠡᠭᠦ ᠣᠷᠤᠨ ᠭᠡᠮᠡᠨ ᠦᠵᠡᠵᠤ ᠬᠤᠭᠤᠷ ᠯᠢᠮᠪᠣ ᠵᠡᠷᠭᠡ ᠭᠦᠭ᠍ᠵᠢᠮ ᠤᠨ ᠭᠡᠷᠡᠭ᠍ᠰᠡᠯ ᠢ ᠳᠠᠯᠪᠢᠳᠠᠭ᠃

ᠬᠤᠨᠢᠨ ᠳᠠᠯ᠎ᠠ ᠶᠢ ᠡᠷ᠎ᠡ ᠭᠦᠮᠤᠨ ᠤ ᠪᠣᠶᠠᠨ ᠭᠡᠰᠢᠭ᠌ ᠤᠨ ᠣᠷᠤᠨ ᠭᠡᠵᠤ ᠥᠵᠡᠭᠡᠳ ᠴᠡᠭᠡ ᠶᠢ ᠳᠠᠯᠪᠢᠳᠠᠭ᠃ ᠴᠡᠭᠡ ᠶᠢ ᠪᠦᠰᠡᠳᠡᠢ ᠭᠦᠮᠤᠨ ᠠᠷᠠᠴᠢᠯᠠᠳᠠᠭ ᠣᠴᠢᠷ ᠲᠡᠶ ᠪᠠᠢ᠌ᠪᠠ᠃

ᠮᠤᠷᠢᠨ ᠳᠠᠯ᠎ᠠ ᠶᠢ ᠡᠷ᠎ᠡ ᠶᠢᠨ ᠭᠡᠢ᠌ᠮᠦᠷᠢ ᠮᠠᠠᠳᠤᠬᠤ ᠳᠠᠯ᠎ᠠ ᠭᠡᠵᠤ ᠬᠠᠵᠠᠭᠠᠷ ᠨᠤᠭᠳᠤ ᠵᠡᠷᠭᠡ ᠮᠤᠷᠢᠨ ᠤ ᠡᠳ᠋ᠯᠡᠯ ᠢ ᠳᠠᠯᠪᠢᠳᠠᠭ᠂ ᠬᠠᠵᠠᠭᠠᠷ ᠪᠣᠯ ᠭᠡᠢ᠌ᠮᠦᠷᠢ ᠶᠢᠨ ᠵᠢᠯᠤᠭᠤ ᠮᠦᠨ᠃

ᠥᠭᠡᠷ ᠳᠠᠯ᠎ᠠ ᠶᠢ ᠪᠣᠶᠠᠨ ᠭᠡᠰᠢᠭ᠌ ᠤᠨ ᠵᠥᠭ᠌ ᠭᠡᠮᠡᠵᠤ ᠠᠢ᠌ᠷᠠᠭ ᠤᠨ ᠭᠠᠩ ᠢ ᠳᠠᠯᠪᠢᠳᠠᠭ᠂ ᠠᠢ᠌ᠷᠠᠭ ᠢ ᠪᠦᠰᠡᠭᠦᠢ ᠭᠦᠮᠤᠨ ᠠᠷᠠᠴᠢᠯᠠᠳᠠᠭ ᠪᠠᠢ᠌ᠪᠠ᠃

ᠪᠠᠷᠰ ᠳᠠᠯ᠎ᠠ ᠶᠢ ᠪᠦᠰᠡᠭᠦᠢ ᠭᠦᠮᠤᠨ ᠤ ᠭᠡᠢ᠌ᠮᠦᠷᠢ ᠶᠢᠨ ᠵᠥᠭ᠌᠂ ᠪᠦᠰᠡᠭᠦᠢ ᠭᠦᠮᠤᠨ ᠤ ᠥᠩᠭᠡ ᠵᠢᠰᠤ ᠪᠣᠯ ᠠᠢ᠌ᠯ ᠭᠡᠷ ᠤᠨ ᠥᠩᠭᠡ ᠵᠢᠰᠤ᠂ ᠵᠠᠰᠠᠯ ᠵᠢᠮᠰᠡᠭ᠌ ᠪᠣᠯ ᠪᠦᠰᠡᠭᠦᠢ ᠭᠦᠮᠤᠨ ᠤ ᠭᠡᠢ᠌ᠮᠦᠷᠢ ᠰᠦᠯᠳᠡ ᠭᠡᠮᠡᠨ ᠦᠵᠡᠵᠤ ᠵᠠᠰᠠᠯ ᠵᠢᠮᠰᠡᠭ᠌ ᠤᠨ ᠵᠣᠢ᠌ᠯ ᠢ ᠳᠠᠯᠪᠢᠳᠠᠭ᠃

ᠳᠠᠤᠯᠠᠢ ᠳᠠᠯ᠎ᠠ ᠶᠢ ᠪᠦᠰᠡᠭᠦᠢ ᠭᠦᠮᠤᠨ ᠤ ᠠᠮᠢ ᠣᠷᠤᠰᠢᠬᠤ ᠣᠷᠤᠨ ᠭᠡᠮᠡᠨ ᠦᠵᠡᠵᠤ ᠵᠡᠭᠦᠤ ᠣᠳᠠᠰᠤ᠂ ᠣᠢ᠌ᠯᠠ ᠣᠶᠤᠳᠠᠯ ᠤᠨ ᠵᠣᠢ᠌ᠯ ᠢ ᠳᠠᠯᠪᠢᠳᠠᠭ᠂

ᠯᠤᠤ ᠳᠠᠯ᠎ᠠ ᠨᠢ ᠪᠣᠶᠠᠨ ᠭᠡᠰᠢᠭ᠌ ᠤᠨ ᠣᠷᠤᠨ ᠳᠤᠯᠠ ᠠᠶᠠᠭ᠎ᠠ᠂ ᠰᠠᠪᠠ ᠰᠠᠭᠠᠯᠢ᠂ ᠢᠳᠡᠭᠡᠨ ᠵᠡᠷᠭᠡ ᠠᠮᠢᠳᠤᠷᠠᠯ ᠤᠨ ᠪᠣᠶᠠᠨ ᠭᠡᠰᠢᠭ᠌ ᠤᠨ ᠵᠣᠢ᠌ᠯ ᠢ ᠳᠠᠯᠪᠢᠳᠠᠭ᠃

ᠮᠤᠭᠠᠢ ᠳᠠᠯ᠎ᠠ ᠳᠤ ᠦᠨᠢᠶ᠎ᠡ᠂ ᠬᠤᠨᠢ ᠰᠠᠭᠠᠬᠤ᠂ ᠳᠤᠭᠤᠯ ᠪᠢᠷᠠᠭᠤ ᠮᠠᠯᠯᠠᠬᠤ ᠳᠤ ᠭᠡᠷᠡᠭᠯᠡᠭᠦ ᠦᠨᠢᠶ᠎ᠡ ᠶᠢᠨ ᠳᠤᠱᠠ ᠳᠡᠭᠡᠰᠤ᠂ ᠳᠤᠭᠤᠯ ᠤᠨ ᠭᠦᠵᠦᠭᠦᠪᠴᠢ ᠮᠠᠳᠤ ᠡᠳ᠋ᠯᠡᠯ ᠢ ᠳᠠᠯᠪᠢᠳᠠᠭ᠃

ᠡᠳᠡᠭᠡᠷ ᠡᠳ᠋ᠯᠡᠯ ᠭᠡᠷᠡᠭ᠍ᠰᠡᠯ ᠤᠨ ᠳᠤᠭᠳᠠᠭᠰᠠᠨ ᠣᠷᠤᠨ ᠪᠠᠢ᠌ᠷᠢ ᠨᠢ ᠴᠦᠮ ᠠᠮᠢᠳᠤᠷᠠᠯ ᠠᠬᠤᠢ ᠶᠢᠨ ᠭᠡᠷᠡᠭ᠍ᠴᠡᠭᠡ ᠡᠴᠡ ᠡᠭᠦᠰᠦᠭ᠍ᠰᠡᠨ ᠦᠪᠡᠷ ᠦᠪᠡᠷ ᠤᠨ ᠶᠢᠡᠨ ᠵᠦᠢ ᠶᠤᠰᠤ ᠲᠡᠶ ᠶᠤᠮ᠃ ᠵᠢᠱᠢᠶᠠᠯᠠᠪᠠᠯ᠄ ᠴᠡᠭᠡ ᠪᠣᠯ ᠰᠢᠮ᠎ᠠ ᠨᠥᠭᠦᠪᠦᠷᠢᠯᠡᠭᠦ ᠰᠡᠷᠢᠭᠦᠨ ᠢᠰᠭᠡᠯᠳᠡ ᠲᠡᠶ ᠢᠳᠡᠭᠡᠨ ᠪᠣᠯᠬᠤ ᠳᠤᠯᠠ ᠳᠡᠭᠦᠨ ᠢ ᠵᠠᠪᠠᠯ ᠳᠤᠭᠤᠨᠤᠨ ᠤ ᠨᠠᠷᠠ ᠦᠯᠦ ᠳᠤᠰᠬᠤ ᠬᠠᠮᠤᠭ ᠤᠨ ᠰᠡᠷᠢᠭᠦᠨ ᠣᠷᠤᠨ ᠬᠤᠨᠢᠨ (ᠪᠠᠷᠠᠭᠤᠨ ᠡᠮᠤᠨ᠎ᠡ) ᠳᠠᠯ᠎ᠠ ᠳᠤ ᠳᠠᠯᠪᠢᠬᠤ ᠡᠭᠦᠨ ᠤ ᠡᠰᠡᠷᠭᠦ ᠪᠠᠷ ᠠᠢ᠌ᠷᠠᠭ ᠪᠣᠯ ᠬᠠᠯᠠᠭᠤᠨ ᠢᠰᠭᠡᠯᠳᠡ ᠲᠡᠶ ᠢᠳᠡᠭᠡᠨ ᠪᠠᠢ᠌ᠵᠤ ᠨᠠᠷᠠᠨ ᠤ ᠢᠯᠴᠢᠨ ᠳᠤ ᠨᠠᠷᠠᠰᠢᠭᠤᠯᠪᠠᠯ ᠢᠰᠭᠡᠯᠳᠡ ᠨᠢ ᠰᠠᠢ᠌ᠨ ᠪᠣᠯᠳᠠᠭ ᠪᠣᠯᠬᠤᠷ ᠳᠡᠭᠦᠨ ᠢ ᠨᠠᠷᠠ ᠳᠤᠰᠬᠤ ᠴᠠᠭ ᠨᠢ ᠬᠠᠮᠤᠭ ᠤᠨ ᠣᠷᠳᠤ ᠪᠠᠢ᠌ᠳᠠᠭ ᠥᠭᠡᠷ (ᠵᠡᠭᠦᠨ ᠬᠣᠢ᠌ᠳᠤ) ᠳᠠᠯ᠎ᠠ ᠳᠠᠯᠪᠢᠬᠤ ᠭᠡᠭᠦ ᠮᠠᠳᠤ᠃

ᠪᠢ ᠨᠢᠭᠡᠨ ᠰᠢᠨ᠎ᠡ ᠪᠠᠷ ᠪᠠᠢ᠌ᠭᠤᠯᠤᠭᠰᠠᠨ 《ᠮᠤᠩᠭ᠋ᠤᠯ ᠬᠠᠭᠠᠨ ᠤ ᠣᠷᠳᠤᠨ》 ᠭᠡᠮᠡᠭ᠍ᠴᠢ ᠮᠤᠩᠭ᠋ᠤᠯ ᠭᠡᠷ ᠤᠨ ᠭᠡᠯᠪᠠᠷᠢ ᠲᠡᠶ ᠳᠤᠮᠤ ᠵᠤᠴᠢᠯᠠᠯᠭ᠎ᠠ ᠶᠢᠨ ᠭᠡᠷ ᠲᠤ ᠣᠷᠤᠵᠤ ᠥᠵᠡᠭᠦᠯᠡᠷ ᠬᠠᠨ᠎ᠠ ᠶᠢ ᠨᠢ ᠳᠠᠭᠠᠭᠤᠯᠤᠭᠠᠤᠨ ᠮᠤᠩᠭ᠋ᠤᠯ ᠰᠤᠶᠤᠯ ᠠᠮᠢᠳᠤᠷᠠᠯ ᠤᠨ ᠢᠯᠡᠷᠡᠭᠦᠯᠦᠯ ᠭᠡᠮᠡᠨ ᠮᠤᠩᠭ᠋ᠤᠯ ᠭᠡᠷ ᠤᠨ ᠡᠳ᠋ᠯᠡᠯ ᠭᠡᠷᠡᠭ᠍ᠰᠡᠯ ᠤᠳ ᠢ ᠡᠯᠭᠦᠭ᠍ᠰᠡᠨ ᠪᠣᠶᠤ ᠰᠠᠢ᠌ᠯᠵᠤ ᠳᠠᠯᠪᠢᠭᠰᠠᠨ ᠪᠠᠢ᠌ᠪᠠ᠃ ᠭᠡᠪᠠᠴᠤ ᠣᠷᠤᠨ ᠪᠠᠢ᠌ᠷᠢ ᠶᠢ ᠨᠢ ᠳᠤᠷ᠎ᠠ ᠪᠠᠷ ᠶᠢᠡᠨ ᠳᠤᠭᠢᠷᠠᠭᠤᠯᠤᠭᠰᠠᠨ ᠡᠴᠠ ᠴᠢᠩᠭᠢᠰ ᠤᠨ ᠭᠦᠷᠦᠭ᠌ ᠢ ᠵᠡᠭᠦᠨ ᠬᠠᠨ᠎ᠠ ᠳᠤ᠂ ᠪᠣᠷᠬᠠᠨ ᠤ ᠣᠷᠤᠨ ᠳᠤ ᠨᠤᠮᠤ ᠰᠤᠮᠤ ᠭᠡᠭᠦ ᠮᠠᠳᠤᠴᠢᠯᠠᠨ ᠡᠷᠦᠢ ᠬᠤᠷᠤᠢ ᠦᠭᠡᠶ ᠶᠠᠭᠤᠮ᠎ᠠ ᠪᠣᠯᠤᠭᠰᠠᠨ ᠪᠠᠢ᠌ᠯ᠎ᠠ᠃ ᠡᠭᠦᠨ ᠢ ᠳᠡᠭᠡᠷᠡᠭᠢ ᠶᠤᠰᠤ ᠪᠠᠷ ᠪᠠᠢ᠌ᠷᠢᠰᠢᠭᠤᠯᠤᠭᠰᠠᠨ ᠪᠣᠯ ᠦᠪᠡᠷ ᠤᠨ ᠣᠠᠴᠠᠯᠢᠭ ᠶᠢᠡᠨ ᠪᠠᠳᠠᠷᠠᠭᠤᠯᠵᠤ ᠴᠢᠳᠠᠬᠤ ᠮᠥᠷᠳᠡᠭᠡᠨ ᠮᠤᠩᠭ᠋ᠤᠯ ᠭᠡᠷ ᠤᠨ ᠦᠨᠡᠨ ᠮᠦᠨ ᠰᠤᠶᠤᠯ ᠢ ᠴᠤ ᠣᠬᠠᠭᠤᠯᠵᠤ ᠳᠡᠢ᠌ᠯᠭᠦ ᠪᠠᠢ᠌ᠭᠰᠠᠨ᠃

ᠡᠨᠡ ᠪᠣᠯ ᠨᠢᠭᠡᠨ ᠳᠦᠭᠦᠮᠭᠡᠨ ᠵᠢᠱᠢᠶ᠎ᠠ ᠳᠠᠳᠤᠢ᠃ ᠶᠠᠷᠤ ᠨᠢ ᠦᠨᠳᠦᠰᠦᠳᠠᠨ ᠤ ᠠᠮᠢᠳᠤᠷᠠᠯ ᠪᠠ ᠰᠤᠶᠤᠯ ᠤᠨ ᠦᠪ ᠭᠦᠷᠦᠩᠭᠡ ᠶᠢ ᠥᠩᠭᠡᠨ ᠳᠠᠯ᠎ᠠ ᠡᠴᠠ ᠨᠢ ᠬᠠᠵᠠᠭᠠᠢ ᠪᠣᠷᠤᠭᠤ ᠳᠤᠰᠬᠠᠵᠤ ᠬᠠᠰᠢ ᠶᠠᠰᠢ ᠪᠠᠷ ᠭᠡᠷᠡᠭᠯᠡᠵᠤ ᠪᠠᠢ᠌ᠭ᠎ᠠ ᠥᠵᠡᠭ᠍ᠳᠡᠯ ᠬᠠᠶᠠ ᠦᠭᠡᠶ ᠬᠠᠷᠠᠭᠳᠠᠨ᠎ᠠ᠃ ᠡᠨᠡ ᠨᠢ ᠦᠪᠡᠷ ᠤᠨ ᠶᠠᠭᠤᠮ᠎ᠠ ᠪᠠᠨ ᠦᠪᠡᠷ ᠶᠢᠡᠨ ᠡᠵᠡᠮᠰᠢᠵᠤ ᠴᠢᠳᠠᠬᠤ ᠡᠰᠡᠭᠦ ᠲᠡᠶ ᠶᠡᠭᠡᠭᠡᠨ ᠬᠤᠯᠪᠣᠭ᠎ᠠ ᠲᠡᠶ᠃ ᠮᠠᠨ ᠤ ᠭᠢᠨ ᠶᠡᠷᠦᠳᠡᠭᠡᠨ ᠦᠪᠡᠷ ᠤᠨ ᠭᠡᠭᠦ ᠪᠠᠨ ᠮᠠᠷᠳᠠᠭᠠᠤᠨ ᠶᠠᠭᠤᠮ᠎ᠠ ᠪᠦᠭᠦᠨ ᠳᠤ ᠰᠤᠬᠤᠷ ᠪᠠᠯᠠᠢ ᠪᠠᠷ ᠪᠣᠰᠤᠳ ᠢ ᠳᠠᠭᠠᠭᠠᠤᠨ ᠳᠡᠷᠪᠠᠭᠡᠳ ᠪᠠᠢ᠌ᠬᠤ ᠪᠣᠯᠴᠢᠬᠠᠭᠰᠠᠨ ᠠᠵᠢ᠃ ᠮᠠᠨ ᠤ ᠡ᠊ᠨᠳᠡ ᠶᠠᠷᠢᠭᠳᠠᠵᠤ ᠪᠠᠢ᠌ᠭ᠎ᠠ 《ᠮᠤᠩᠭ᠋ᠤᠯ ᠭᠡᠷ》 ᠭᠡᠳᠡᠭ᠌ ᠨᠠᠷ᠎ᠠ ᠪᠠᠷ ᠵᠢᠱᠢᠶᠡᠯᠡᠭᠦ ᠳᠤ ᠴᠤ᠂ ᠡᠨᠡ ᠪᠣᠯ ᠪᠣᠰᠤᠳ ᠦᠨᠳᠦᠰᠦᠳᠠᠨ ᠡᠴᠡ ᠮᠤᠩᠭ᠋ᠤᠯᠴᠤᠳ ᠤᠨ ᠰᠠᠭᠤᠳᠠᠭ ᠭᠡᠷ ᠢ ᠨᠡᠷᠡᠯᠡᠭ᠍ᠰᠡᠨ ᠨᠠᠷ᠎ᠠ ᠪᠠᠢ᠌ᠭ᠎ᠠ᠃ ᠮᠤᠩᠭ᠋ᠤᠯᠴᠤᠳ ᠣᠭ ᠨᠢ ᠭᠡᠷ ᠯᠠ ᠭᠡᠵᠤ ᠪᠠᠢ᠌ᠭᠰᠠᠨ ᠪᠦᠭᠡᠳ ᠪᠣᠰᠤᠳ ᠢ ᠨᠢ ᠪᠣᠯ ᠪᠠᠢ᠌ᠰᠢᠩ᠂ ᠠᠰᠠᠷ ᠭᠡᠭᠦ ᠮᠠᠳᠤ ᠪᠠᠷ ᠢᠯᠭᠠᠨ ᠨᠠᠷᠠᠯᠠᠵᠤ ᠪᠠᠢ᠌ᠭᠰᠠᠨ ᠶᠤᠮ᠃ ᠡᠳᠦᠭᠡ ᠳᠤᠮᠳᠠᠳᠤ ᠣᠯᠤᠰ ᠤᠨ ᠮᠤᠩᠭ᠋ᠤᠯᠴᠤᠳ ᠨᠢ ᠶᠡᠭᠡ ᠦᠨᠳᠦᠰᠦᠳᠠᠨ ᠲᠡᠶ ᠪᠠᠨ ᠠᠳᠠᠯᠢᠬᠠᠨ ᠶᠢᠡᠷ ᠦᠪᠡᠷ ᠤᠨ ᠭᠡᠷ ᠶᠢᠡᠨ ᠴᠤ 《ᠮᠤᠩᠭ᠋ᠤᠯ ᠭᠡᠷ》 ᠭᠡᠭᠦ ᠪᠣᠯᠴᠢᠬᠠᠪᠠ᠃ ᠡᠨᠡ ᠥᠨᠡᠭᠡᠷ ᠦᠪᠡᠷ ᠢ ᠪᠠᠨ ᠥᠭᠡᠷ᠎ᠡ ᠭᠦᠮᠤᠨ ᠤ ᠨᠢᠳᠤ ᠪᠠᠷ ᠬᠠᠷᠠᠵᠤ ᠪᠠᠢ᠌ᠭ᠎ᠠ ᠰᠢᠭ ᠰᠤᠨᠢᠬᠠᠨ ᠣᠴᠢᠷ ᠪᠣᠯᠵᠤ ᠪᠠᠢ᠌ᠨ᠎ᠠ᠃ ᠢᠩᠭᠢᠭᠡᠳ ᠯᠠ ᠪᠠᠢ᠌ᠪᠠᠯ 《ᠦᠪᠡᠷ ᠪᠢ》 ᠭᠡᠮᠡᠭᠦ ᠶᠠᠭᠤᠮ᠎ᠠ ᠦᠭᠡᠶ ᠪᠣᠯᠵᠤ ᠪᠦᠷ 《ᠳᠠᠷᠠ ᠳᠠᠳᠠ》 ᠪᠣᠯᠤᠨ᠎ᠠ ᠳ᠋ᠠ︕


ᠯᠠᠪᠯᠠᠨ ᠠᠰᠢᠭᠯᠠᠭᠰᠠᠨ ᠨᠤᠮ᠄

ᠫ᠊·ᠳᠤᠭᠠᠷ ᠨᠡᠷ ᠤᠨ 《ᠮᠤᠩᠭ᠋ᠤᠯ ᠭᠡᠷ ᠤᠨ ᠰᠤᠶᠤᠯ》

ᠥᠭᠡᠯᠡᠳ ᠬᠣᠢ᠌ᠤᠨ ᠰᠤᠩᠳᠤᠢ ᠶᠢᠨ 《ᠵᠢᠷᠤᠬᠠᠢ》

ᠵᠤᠬᠢᠶᠠᠭᠴᠢ ᠶᠢᠨ ᠬᠠᠶ‍ᠢᠭ ᠄ ᠦᠪᠣᠷ ᠮᠤᠩᠭ᠋ᠤᠯ ᠤᠨ ᠣᠷᠳᠤᠰ ᠬᠤᠳᠠ

ᠵᠤᠬᠢᠶᠠᠭᠴᠢ᠄ ᠪᠠᠶᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7470
ᠴᠠᠭ᠄ 2009 ᠤᠨ ᠤ 12 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ 1 ᠠᠯᠳᠠᠭ᠎ᠠ ᠲᠠᠢ