ᠨᠡᠪᠲᠡᠷᠡᠨ ᠤᠷᠤᠬᠤ
ᠠᠯᠠᠱᠠ ᠪᠠᠷᠠᠭᠤᠨ ᠬᠤᠰᠢᠭᠤᠨ ᠤ ᠳᠡᠦᠭᠡᠨ ᠳ᠋ᠠᠭᠢ ᠭᠡᠳᠤᠨ ᠣᠳᠠᠭᠠᠨ ᠤ ᠭᠦᠮᠤᠨ ᠠᠮᠠ ᠶᠢᠨ ᠨᠡᠮᠡᠭ᠍ᠳᠡᠯ

ᠠᠯᠠᠱᠠ ᠪᠠᠷᠠᠭᠤᠨ ᠬᠤᠰᠢᠭᠤᠨ ᠤ ᠣᠭ ᠤᠨ ᠰᠠᠭᠤᠷᠢ ᠪᠣᠯ ᠠᠯᠠᠱᠠ ᠬᠤᠱᠤᠳ ᠬᠤᠰᠢᠭᠤᠨ ᠤ ᠳᠦᠷᠪᠠᠳᠦᠭᠡᠷ ᠰᠤᠮᠤ ᠪᠣᠯᠤᠨ᠎ᠠ᠃ 1953 ᠣᠨ ᠳᠤ ᠠᠯᠠᠱᠠ ᠬᠤᠰᠢᠭᠤᠨ ᠤ ᠵᠠᠰᠠᠭ ᠵᠠᠭᠢᠷᠭᠠᠨ ᠤ ᠬᠤᠪᠢᠶᠠᠷᠢᠯᠠᠯᠳᠠ ᠳᠤ ᠳᠤᠭᠢᠷᠠᠭᠤᠯᠭ᠎ᠠ ᠭᠢᠵᠤ ᠨᠢ᠋ᠮᠠᠨ ᠰᠤᠮᠤ ᠶᠢ ᠵᠢᠷᠭᠤᠭᠠᠨ ᠰᠤᠮᠤ ᠪᠣᠯᠭᠠᠭᠰᠠᠨ ᠪᠣᠯᠪᠠᠴᠤ ᠭᠤᠴᠢᠨ ᠵᠢᠷᠭᠤᠭᠠᠨ ᠪᠠᠭ ᠢ ᠨᠢ ᠬᠤᠪᠢᠷᠠᠭᠤᠯᠤᠠᠠᠰᠠᠨ ᠦᠭᠡᠶ᠃ ᠡᠭᠦᠨ ᠳᠤ ᠳᠦᠷᠪᠠᠳᠦᠭᠡᠷ ᠰᠤᠮᠤ ᠨᠢ ᠪᠠᠳᠠᠢ ᠶᠢᠨ ᠵᠢᠷᠠᠨ ᠤ ᠪᠠᠭ᠂ ᠡᠷᠪᠠᠭᠡᠢ ᠪᠠᠭ᠂ ᠶᠠᠪᠠᠷᠠᠢ ᠪᠠᠭ᠂ ᠰᠢᠭᠤᠢ ᠶᠢᠨ ᠪᠠᠭ᠂ ᠽᠤᠨ ᠤ ᠪᠠᠭ ᠵᠡᠷᠭᠡ ᠳᠠᠪᠤᠨ ᠪᠠᠭ ᠲᠡᠶ ᠶᠤᠮ᠃

1961 ᠣᠨ ᠤ 5 ᠰᠠᠷᠠᠢ᠌ᠨ 13 ᠤ ᠡᠳᠦᠷ ᠠᠯᠠᠱᠠ ᠬᠤᠰᠢᠭᠤ ᠶᠢ ᠵᠡᠭᠦᠨ᠂ ᠪᠠᠷᠠᠭᠤᠨ ᠬᠤᠶᠠᠷ ᠬᠤᠰᠢᠭᠤ ᠪᠣᠯᠭᠠᠨ ᠬᠤᠪᠢᠶᠠᠵᠤ ᠵᠠᠭᠢᠷᠭ᠎ᠠ ᠪᠠᠢ᠌ᠭᠤᠯᠤᠠᠠᠰᠠᠨ ᠡᠴᠡ ᠠᠯᠠᠱᠠ ᠪᠠᠷᠠᠭᠤᠨ ᠬᠤᠰᠢᠭᠤ ᠭᠡᠰᠡᠨ ᠨᠠᠷ᠎ᠠ ᠡᠭᠢᠯᠡᠵᠤ ᠭᠡᠷᠡᠭᠯᠡᠭ᠍ᠳᠡᠨ ᠡᠳᠦᠭᠡ ᠪᠣᠯᠪᠠ᠃ ᠳᠦᠷᠪᠠᠳᠦᠭᠡᠷ ᠰᠤᠮᠤ ᠣᠭ ᠡᠴᠡ ᠪᠠᠨ ᠭᠠᠵᠠᠷ ᠨᠤᠳᠤᠭ ᠥᠷᠭᠡᠨ ᠠᠭᠤᠳᠠᠮ ᠴᠤ ᠪᠠᠯᠴᠢᠭᠡᠷ ᠣᠰᠤ ᠳᠠᠴᠢᠷ ᠴᠥᠯᠡᠷᠭᠡᠭ᠌᠂ ᠭᠦᠮᠤᠨ ᠠᠮᠠ ᠴᠥᠭᠡᠨ ᠴᠤᠯ ᠮᠠᠯᠵᠢᠬᠤ ᠰᠤᠮᠤ ᠪᠠᠢ᠌ᠠᠠᠰᠠᠨ ᠪᠣᠯᠬᠤᠷ ᠬᠤᠰᠢᠭᠤ ᠪᠣᠯᠵᠤ ᠭᠦᠭ᠍ᠵᠢᠭᠦ ᠳᠤ ᠭᠡᠳᠤᠨ ᠣᠳᠠᠭᠠᠨ ᠤ ᠭᠦᠮᠤᠨ ᠠᠮᠠ ᠶᠢᠨ ᠰᠤᠴᠢᠮᠠᠭ ᠨᠡᠮᠡᠭ᠍ᠳᠡᠯᠳᠡ ᠳᠤᠩ ᠶᠡᠭᠡ ᠨᠥᠯᠦᠭᠡ ᠣᠢ᠌ᠯᠠᠳᠤᠯ ᠪᠣᠯᠤᠠᠠᠰᠠᠨ ᠶᠤᠮ᠃

ᠨᠢᠭᠡᠳᠦᠭᠡᠷ ᠣᠳᠠᠭᠠᠨ ᠤ ᠭᠦᠮᠤᠨ ᠠᠮᠠ ᠶᠢᠨ ᠦᠰᠦᠯᠳᠠ ᠪᠣᠯ ᠠᠯᠠᠱᠠ ᠬᠤᠰᠢᠭᠤᠨ ᠳᠤ ᠮᠤᠩᠭ᠋ᠤᠯ ᠣᠯᠤᠰ ᠤᠨ ᠬᠤᠪᠢᠰᠬᠠᠯ ᠡᠴᠡ ᠳᠦᠷᠪᠡᠵᠤ ᠢᠷᠡᠭ᠍ᠰᠡᠨ 5318 ᠭᠦᠮᠤᠨ ᠪᠣᠯᠤᠨ᠎ᠠ᠃ ᠳᠠᠳᠠ ᠠᠯᠠᠱᠠ ᠵᠠᠰᠠᠭ ᠸᠠᠩ ᠳᠤ ᠬᠠᠯᠬ᠎ᠠ ᠪᠠᠭ ᠪᠠᠢ᠌ᠭᠤᠯᠵᠤ ᠰᠠᠭᠤᠷᠢᠰᠢᠬᠤ ᠶᠢ ᠭᠤᠶᠤᠴᠢᠯᠠᠠᠠᠰᠠᠨ ᠳᠤ ᠡᠰᠡ ᠵᠥᠪᠰᠢᠶᠡᠷᠡᠭ᠍ᠰᠡᠨ ᠪᠣᠯᠪᠠᠴᠤ ᠳᠠᠳᠠᠨᠠᠷ ᠢ ᠭᠠᠵᠠᠷ ᠨᠤᠳᠤᠭ ᠶᠢᠡᠨ ᠰᠤᠩᠭ᠋ᠤᠵᠤ ᠡᠯ᠎ᠡ ᠪᠠᠭ ᠤᠨ ᠬᠠᠷᠢᠶᠠᠨ ᠳᠤ ᠪᠠᠭᠳᠠᠨ ᠰᠠᠭᠤᠬᠤ ᠶᠢ ᠵᠦᠪᠰᠢᠶᠠᠷᠠᠪᠠ᠃ ᠡᠭᠦᠨ ᠳᠤ ᠨᠢᠭᠡ ᠭᠡᠰᠡᠭ᠌ ᠨᠢ ᠳᠦᠷᠪᠠᠳᠦᠭᠡᠷ ᠰᠤᠮᠤᠨ ᠤ ᠡᠷᠪᠠᠭᠡᠢ ᠪᠠᠭ᠂ ᠽᠤᠨ ᠤ ᠪᠠᠭ᠂ ᠪᠠᠳᠠᠢ ᠶᠢᠨ ᠵᠢᠷᠠᠨ ᠪᠠᠭ ᠲᠤ ᠪᠠᠭᠳᠠᠨ ᠰᠠᠭᠤᠷᠢᠰᠢᠵᠤ ᠠᠵᠤ ᠲᠦᠷᠦᠨ ᠠᠮᠢᠳᠤᠷᠠᠪᠠ᠃ ᠡᠳᠡᠭᠡᠷ ᠮᠤᠩᠭ᠋ᠤᠯᠴᠤᠳ ᠪᠣᠯ 1955 ᠣᠨ ᠤ ᠳᠦᠷᠪᠠᠳᠦᠭᠡᠷ ᠰᠤᠮᠤᠨ ᠤ ᠳᠤᠭ᠎ᠠ ᠪᠦᠷᠢᠦᠡᠭᠡᠯ ᠳᠤ ᠣᠷᠤᠠᠠᠰᠠᠨ ᠨᠤᠳᠤᠭ ᠤᠨ ᠢᠷᠭᠡᠨ ᠶᠤᠮ᠃ ᠰᠤᠮᠤᠨ ᠤ ᠡᠷᠪᠠᠭᠡᠢ ᠪᠠᠭ᠂ ᠽᠤᠨ ᠤ ᠪᠠᠭ᠂ ᠪᠠᠳᠠᠢ ᠶᠢᠨ ᠵᠢᠷᠠᠨ ᠪᠠᠭ ᠲᠤ ᠪᠠᠭᠳᠠᠨ ᠰᠠᠭᠤᠷᠢᠰᠢᠵᠤ ᠠᠵᠤ ᠲᠦᠷᠦᠨ ᠠᠮᠢᠳᠤᠷᠠᠪᠠ᠃ ᠡᠳᠡᠭᠡᠷ ᠮᠤᠩᠭ᠋ᠤᠯᠴᠤᠳ ᠪᠣᠯ 1955 ᠣᠨ ᠤ ᠳᠦᠷᠪᠠᠳᠦᠭᠡᠷ ᠰᠤᠮᠤᠨ ᠤ ᠳᠤᠭ᠎ᠠ ᠪᠦᠷᠢᠦᠡᠭᠡᠯ ᠳᠤ ᠣᠷᠤᠠᠠᠰᠠᠨ ᠨᠤᠳᠤᠭ ᠤᠨ ᠢᠷᠭᠡᠨ ᠶᠤᠮ᠃

1955 ᠣᠨ ᠤ 12 ᠰᠠᠷᠠᠢ᠌ᠨ 25 ᠤ ᠡᠳᠦᠷ ᠤᠨ ᠭᠦᠮᠤᠨ ᠠᠮᠠ ᠶᠢᠨ ᠳᠤᠭ᠎ᠠ ᠪᠦᠷᠢᠦᠡᠭᠡᠯ ᠢ ᠰᠡᠭᠦᠪᠠᠯ ᠠᠢ᠌ᠯ ᠡᠷᠦᠭᠡ ᠨᠠᠢ᠌ᠳᠠ 1097 ᠪᠠᠢ᠌ᠵᠤ᠂ ᠮᠤᠩᠭ᠋ᠤᠯ ᠦᠨᠳᠦᠰᠦᠳᠠᠨ 3596 ᠭᠦᠮᠤᠨ᠂ ᠭᠢᠳᠠᠤᠨ ᠦᠨᠳᠦᠰᠦᠳᠠᠨ 729 ᠭᠦᠮᠤᠨ᠂ ᠲᠦᠪᠡᠳ ᠦᠨᠳᠦᠰᠦᠳᠠᠨ 1 ᠭᠦᠮᠤᠨ᠂ ᠪᠦᠭᠦ ᠭᠦᠮᠤᠨ 4326 ᠪᠠᠢ᠌ᠪᠠ᠃

ᠬᠤᠶᠠᠳᠤᠭᠠᠷ ᠣᠳᠠᠭᠠᠨ ᠤ ᠭᠦᠮᠤᠨ ᠠᠮᠠ ᠶᠢᠨ ᠨᠡᠮᠡᠭ᠍ᠳᠡᠯ ᠨᠢ 1959 ᠣᠨ ᠡᠴᠡ 1961 ᠣᠨ ᠤ ᠭᠤᠷᠪᠠᠨ ᠵᠢᠯ ᠤᠨ ᠶᠡᠭᠡ ᠥᠯᠦᠰᠭᠦᠯᠡᠩ ᠤᠨ ᠴᠠᠭ ᠲᠤ ᠭᠠᠠᠰᠤ ᠮᠤᠵᠢ ᠶᠢᠨ ᠮᠢᠨ ᠴᠢᠨ ᠰᠢᠶᠠᠨ ᠡᠴᠡ ᠠᠮᠢ ᠴᠦᠯᠪᠠᠨ ᠳᠡᠨᠦᠭᠦᠴᠢᠯᠡᠵᠤ ᠢᠷᠡᠭ᠍ᠰᠡᠨ 5000 ᠭᠠᠷᠤᠢ ᠭᠢᠳᠠᠤᠨ ᠢ ᠬᠤᠷᠢᠶᠠᠵᠤ ᠠᠪᠣᠠᠠᠰᠠᠨ ᠶᠠᠪᠣᠳᠠᠯ ᠪᠣᠯᠤᠨ᠎ᠠ᠃ ᠢᠩᠭᠢᠭᠡᠳ ᠨᠢᠭᠡᠯᠡ ᠳᠡᠭᠡᠷ᠎ᠡ 9342 ᠭᠦᠮᠤᠨ ᠪᠣᠯᠵᠤ ᠨᠡᠮᠡᠭ᠍ᠳᠡᠭ᠍ᠰᠡᠨ ᠶᠤᠮ᠃

ᠭᠤᠷᠪᠠᠳᠤᠭᠠᠷ ᠣᠳᠠᠭᠠᠨ ᠤ ᠭᠦᠮᠤᠨ ᠠᠮᠠ ᠶᠢᠨ ᠨᠡᠮᠡᠭ᠍ᠳᠡᠯ ᠨᠢ 1979 ᠣᠨ ᠡᠴᠡ 1981 ᠣᠨ ᠭᠦᠷᠳᠡᠯᠡᠭᠢ ᠭᠤᠷᠪᠠᠨ ᠵᠢᠯ ᠤᠨ ᠬᠤᠭᠤᠷᠤᠠᠳᠤ ᠭᠠᠠᠰᠤ ᠮᠤᠵᠢ ᠶᠢᠨ ᠮᠢᠨ ᠴᠢᠨ ᠰᠢᠶᠠᠨ ᠡᠴᠡ 5000 ᠭᠢᠳᠠᠤᠨ ᠣᠷᠤᠵᠤ ᠢᠷᠡᠭ᠍ᠰᠡᠨ ᠶᠠᠪᠣᠳᠠᠯ ᠪᠣᠯᠬᠤ ᠶᠤᠮ᠃ 1969 ᠣᠨ ᠡᠴᠡ 1979 ᠣᠨ ᠪᠣᠯᠳᠠᠯᠠᠭᠢ ᠬᠤᠭᠤᠴᠠᠭᠠᠨ ᠳᠤ ᠦᠪᠣᠷ ᠮᠤᠩᠭ᠋ᠤᠯ ᠢ ᠰᠠᠯᠭᠠᠨ ᠡᠯ᠎ᠡ ᠮᠤᠵᠢ ᠳᠤ ᠬᠠᠷᠢᠶᠠᠯᠠᠭᠤᠯᠵᠤ ᠪᠠᠢ᠌ᠭᠰᠠᠨ ᠡᠴᠡ ᠠᠯᠠᠱᠠ ᠪᠠᠷᠠᠭᠤᠨ ᠬᠤᠰᠢᠭᠤ ᠴᠤ ᠭᠠᠠᠰᠤ ᠮᠤᠵᠢ ᠶᠢᠨ ᠬᠠᠷᠢᠶᠠᠨ ᠳᠤ ᠪᠠᠢ᠌ᠪᠠ᠃ 1978 ᠣᠨ ᠳᠤ ᠥᠭᠡᠷᠡᠴᠢᠯᠡᠯᠳᠡ ᠭᠢᠵᠤ ᠴᠢᠯᠦᠭᠡᠳᠡᠢ ᠶᠠᠪᠣᠯᠴᠠᠬᠤ ᠲᠦᠷᠦ ᠶᠢᠨ ᠪᠣᠳᠤᠯᠭ᠎ᠠ ᠳᠤᠤᠷ᠎ᠠ ᠦᠨᠳᠦᠰᠦᠳᠠᠨ ᠤ ᠲᠦᠷᠦ ᠶᠢᠨ ᠪᠣᠳᠤᠯᠭ᠎ᠠ ᠨᠠᠢ᠌ᠳᠠᠪᠣᠷᠢᠵᠢᠭᠤᠯᠵᠤ ᠠᠯᠠᠱᠠ ᠪᠠᠷᠠᠭᠤᠨ ᠬᠤᠰᠢᠭᠤ ᠳᠠᠭᠢᠨ ᠦᠪᠣᠷ ᠮᠤᠩᠭ᠋ᠤᠯ ᠤᠨ ᠬᠠᠷᠢᠶᠠᠨ ᠳᠤ ᠪᠣᠴᠠᠵᠤ ᠢᠷᠡᠭᠦ ᠴᠠᠭ ᠲᠤ ᠮᠢᠨ ᠴᠢᠨ ᠤ ᠭᠦᠮᠤᠨ ᠣᠪᠣᠤ ᠴᠠᠪᠣᠤ ᠰᠤᠪᠣᠷᠠᠵᠤ ᠪᠠᠢ᠌ᠭᠰᠠᠨ ᠶᠢᠡᠨ 1979 ᠣᠨ ᠡᠴᠡ 1981 ᠣᠨ ᠳᠤ ᠣᠠᠴᠠᠭᠠᠢ ᠳᠦᠷᠭᠡᠨ ᠨᠡᠮᠡᠭ᠍ᠳᠡᠭ᠍ᠰᠡᠨ ᠪᠠᠢ᠌ᠨ᠎ᠠ᠃ ᠡᠨᠡ ᠣᠬᠤᠷᠬᠠᠨ ᠴᠠᠭ ᠲᠤ ᠪᠦᠭᠦ ᠭᠦᠮᠤᠨ ᠨᠠᠢ᠌ᠳᠠ 16460 ᠪᠣᠯᠵᠠᠢ᠃ 2005 ᠣᠨ ᠪᠦᠭᠦ ᠬᠤᠰᠢᠭᠤᠨ ᠳᠤ ᠨᠠᠢ᠌ᠳᠠ 24071 ᠭᠦᠮᠤᠨ ᠲᠡᠶ ᠪᠣᠯᠵᠤ᠂ ᠮᠤᠩᠭ᠋ᠤᠯ ᠦᠨᠳᠦᠰᠦᠳᠠᠨ 7530 ᠭᠦᠮᠤᠨ᠂ ᠭᠢᠳᠠᠤᠨ ᠦᠨᠳᠦᠰᠦᠳᠠᠨ 16352 ᠭᠦᠮᠤᠨ᠂ ᠪᠣᠰᠤᠳ ᠦᠨᠳᠦᠰᠦᠳᠠᠨ 188 ᠭᠦᠮᠤᠨ ᠪᠣᠯᠵᠠᠢ᠃

ᠳᠠᠪᠢᠨ ᠵᠢᠯ ᠤᠨ ᠬᠤᠭᠤᠴᠠᠭᠠᠨ ᠳᠤ ᠠᠯᠠᠱᠠ ᠪᠠᠷᠠᠭᠤᠨ ᠬᠤᠰᠢᠭᠤ ᠨᠠᠮ ᠤᠨ ᠲᠦᠷᠦ ᠶᠢᠨ ᠪᠣᠳᠤᠯᠭ᠎ᠠ ᠶᠢᠨ ᠳᠤᠶᠠᠭᠠᠯᠠᠯ ᠳᠤᠤᠷ᠎ᠠ ᠠᠷᠠᠤᠨ ᠲᠦᠮᠡᠨ ᠠᠮᠤᠷ ᠵᠢᠷᠭᠠᠯ ᠶᠢᠡᠷ ᠠᠵᠤ ᠲᠦᠷᠦᠵᠤ᠂ ᠠᠵᠤ ᠠᠬᠤᠢ ᠳᠤᠭᠳᠠᠭᠤᠨ ᠶᠢᠡᠷ ᠭᠦᠭ᠍ᠵᠢᠭ᠍ᠰᠡᠨ ᠶᠤᠮ᠃ ᠭᠡᠪᠠᠴᠤ ᠭᠦᠮᠤᠨ ᠠᠮᠠ ᠶᠢᠨ ᠰᠤᠴᠢᠮᠠᠭ ᠨᠡᠮᠡᠭ᠍ᠳᠡᠯ᠂ ᠠᠮᠢ ᠠᠬᠤᠢ ᠶᠢᠨ ᠳᠦᠷᠭᠡᠨ ᠳᠠᠴᠢᠷᠳᠠᠯ᠂ ᠠᠵᠤ ᠣᠢ᠌ᠯᠠᠳᠪᠣᠷᠢᠵᠢᠯᠠᠯᠳᠠ ᠶᠢᠨ ᠳᠦᠷᠢᠯᠳᠠ ᠨᠢ ᠭᠦᠮᠦᠰ ᠤᠨ ᠠᠩᠬᠠᠷᠤᠯ ᠢ ᠰᠥᠷᠡᠭᠡᠢ ᠳᠠᠳᠠᠵᠤ ᠪᠠᠢ᠌ᠨ᠎ᠠ᠃ ᠡᠨᠡᠭᠦ ᠳᠤᠭ᠎ᠠ ᠪᠢᠳᠠᠨ ᠳᠤ ᠠᠮᠢ ᠠᠬᠤᠢ ᠶᠢᠨ ᠳᠠᠴᠢᠷᠳᠠᠯ ᠡᠴᠡ ᠠᠯᠪᠠᠨ ᠪᠠᠢ᠌ᠭᠤᠯᠭ᠎ᠠ ᠶᠢᠨ ᠳᠠᠴᠢᠷᠳᠠᠯ ᠮᠠᠳᠤ ᠣᠯᠠᠨ ᠶᠠᠭᠤᠮ᠎ᠠ ᠰᠠᠨᠠᠭᠳᠠᠭᠤᠯᠵᠤ᠂ ᠦᠨᠳᠦᠰᠦᠳᠠᠨ ᠤ ᠣᠷᠤᠨ ᠤ ᠠᠵᠢᠯ ᠳᠤ ᠳᠤᠷᠰᠢᠯᠭ᠎ᠠ ᠰᠤᠷᠭᠠᠮᠵᠢ ᠬᠤᠷᠠᠮᠳᠤᠭᠤᠯᠵᠤ᠂ ᠠᠮᠢ ᠠᠬᠤᠢ ᠪᠠᠷ ᠬᠤᠰᠢᠭᠤ ᠪᠠᠨ ᠵᠠᠰᠠᠵᠤ᠂ ᠭᠦᠮᠤᠨ ᠶᠢᠡᠷ ᠦᠨᠳᠦᠰᠦ ᠪᠣᠯᠭᠠᠬᠤ ᠡᠶ᠎ᠡ ᠵᠤᠭᠢᠴᠠᠯᠳᠤ ᠨᠡᠢ᠌ᠭᠡᠮ ᠢ ᠪᠦᠳᠦᠭᠡᠨ ᠪᠠᠢ᠌ᠭᠤᠯᠬᠤ ᠳᠤ ᠭᠦᠡᠳᠤ ᠴᠢᠬᠤᠯᠠ ᠦᠨ᠎ᠡ ᠥᠷᠳᠡᠭ᠌ ᠪᠦᠭᠦᠢ ᠪᠠᠷᠢᠮᠳᠠ ᠬᠠᠩᠭ᠋ᠠᠵᠤ ᠪᠠᠢ᠌ᠨ᠎ᠠ᠃

ᠵᠤᠬᠢᠶᠠᠭᠴᠢ᠄ ᠬᠣᠢ᠌ᠤᠨ ᠬᠠᠰᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7470
ᠴᠠᠭ᠄ 2009 ᠤᠨ ᠤ 06 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ