☆ ᠳ᠋·ᠪᠦᠷᠢᠨᠲᠤᠭᠲᠠᠬᠤ
ᠱᠠᠭᠠᠵᠠᠭᠠᠢ ᠶᠢᠨ ᠨᠢᠯᠪᠣᠰᠤ
ᠣᠯᠠᠨ ᠳᠤᠯᠤᠭᠠᠢ᠌ᠳᠤ ᠶᠢᠨ ᠵᠡᠭᠦᠨ ᠳ᠋ᠠᠭᠢ ᠬᠠᠢ᠌ᠷ ᠴᠢᠯᠠᠭᠤ ᠨᠢ ᠢᠯᠠ ᠭᠠᠷᠤᠭᠰᠠᠨ ᠳᠡᠭ᠍ᠰᠢᠭᠡᠨ ᠳᠠᠯ᠎ᠠ ᠣᠨᠢᠶᠠᠷ ᠮᠠᠨᠠᠨ ᠤ ᠳᠤᠮᠳᠠ ᠴᠠᠯᠳᠠᠢ᠌ᠨᠠ᠃
ᠥᠩᠭᠡᠷᠡᠭ᠍ᠰᠡᠨ ᠳᠤ ᠡ᠊ᠨᠳᠡ ᠭᠠᠵᠠᠷ ᠤᠨ ᠭᠡᠰᠢᠭ᠌ ᠪᠣᠯᠤᠭᠰᠠᠨ ᠬᠤᠷ ᠬᠠᠢ᠌ᠯᠠᠰᠤ ᠣᠯᠠᠨ ᠪᠠᠢ᠌ᠭᠰᠠᠨ ᠴᠤ ᠣᠳᠤ ᠬᠠᠷᠢᠨ ᠭᠠᠭᠴᠠᠬᠠᠨ ᠭᠦᠭ᠍ᠰᠢᠨ ᠬᠠᠢ᠌ᠯᠠᠰᠤ ᠦᠯᠠᠳᠠᠪᠠ᠃ ᠭᠦᠭ᠍ᠰᠢᠨ ᠬᠠᠢ᠌ᠯᠠᠰᠤ ᠶᠢᠨ ᠰᠠᠯᠠᠭᠠᠨ ᠳᠤ ᠭᠡᠳᠤᠨ ᠱᠠᠭᠠᠵᠠᠭᠠᠢ ᠶᠢᠨ ᠡᠭᠦᠷ ᠪᠠᠢ᠌ᠳᠠᠭ ᠮᠦᠷᠳᠡᠭᠡᠨ ᠬᠠᠵᠠᠭᠤ ᠳ᠋ᠤᠨᠢ ᠬᠤᠶᠠᠷ ᠱᠠᠭᠠᠵᠠᠭᠠᠢ ᠣᠯᠠᠨ ᠳᠤᠯᠤᠭᠠᠢ᠌ᠳᠤ ᠶᠢᠨ ᠵᠥᠭ᠌ ᠬᠠᠷᠠᠵᠤ ᠵᠡᠷᠭᠡᠴᠡᠨ ᠰᠠᠭᠤᠭᠠᠤᠨ ᠰᠤᠨᠢᠷᠬᠠᠨ᠎ᠠ᠃
ᠡᠳᠦᠷ ᠤᠨ ᠠᠶᠠᠨ ᠳᠠᠭᠠᠨ ᠶᠠᠳᠠᠷᠠᠭᠰᠠᠨ ᠨᠠᠷᠠ ᠭᠦᠯ ᠠᠮᠠᠷᠠᠨ ᠣᠯᠠᠨ ᠳᠤᠯᠤᠭᠠᠢ᠌ᠳᠤ ᠶᠢᠨ ᠣᠷᠤᠢ ᠳᠡᠭᠡᠷ᠎ᠡ ᠳᠤᠭᠤᠭ᠎ᠠ ᠳᠤᠯᠪᠠ᠃ ᠡᠨᠡ ᠦᠶ᠎ᠡ ᠳᠤ ᠪᠣᠭᠤᠷᠤᠯ ᠰᠠᠬᠠᠯ ᠶᠢᠡᠨ ᠭᠡᠢ᠌ᠰᠭᠡᠭ᠍ᠰᠡᠨ ᠨᠤᠳᠤᠭ ᠤᠨ ᠭᠡᠳᠤᠨ ᠰᠠᠭᠢᠭᠤᠰᠤ ᠭᠦᠷᠦᠯᠴᠡᠨ ᠢᠷᠠᠵᠤ ᠨᠠᠷᠠᠨ ᠳᠤᠭᠤᠭᠠᠨ ᠳᠤ ᠠᠷᠢᠭᠢ ᠨᠠᠷᠠᠵᠤ ᠰᠠᠭᠤᠬᠤ ᠳᠠᠭᠠᠨ ᠥᠩᠭᠡᠷᠡᠭ᠍ᠰᠡᠨ ᠳᠤ ᠡ᠊ᠨᠳᠡ ᠠᠮᠢᠳᠤᠷᠠᠵᠤ ᠪᠠᠢ᠌ᠭᠰᠠᠨ ᠨᠡᠭᠦᠳᠡᠯᠴᠢᠨ ᠮᠤᠩᠭ᠋ᠤᠯ ᠤᠨ ᠰᠠᠢ᠌ᠬᠠᠨ ᠳᠤᠮᠤᠭ ᠢ ᠭᠦᠦᠷᠨᠢᠨᠡ᠃ ᠣᠷᠤᠢ ᠶᠢᠨ ᠵᠥᠭᠡᠯᠡᠨ ᠵᠢᠪᠠᠷ ᠲᠤ ᠰᠢᠨ᠎ᠠ ᠰᠠᠷᠬᠤᠤᠨ ᠤᠨ ᠦᠨᠦᠷ ᠠᠩᠭᠢᠯᠤᠵᠤ ᠣᠯᠠᠭᠠᠨ ᠳᠤᠶᠠᠭ᠎ᠠ ᠭᠢᠵᠠᠭᠠᠷ ᠦᠭᠡᠶ ᠳᠠᠯ᠎ᠠ ᠳᠤ ᠠᠰᠬᠠᠨ᠎ᠠ᠃ ᠮᠢᠨᠤ ᠭᠤᠤᠯ ᠮᠦᠷᠠᠨ᠂ ᠮᠢᠨᠤ ᠣᠢ ᠮᠤᠳᠤ᠂ ᠮᠢᠨᠤ ᠡᠪᠠᠰᠤ ᠪᠠᠯᠴᠢᠭᠡᠷ᠂ ᠮᠢᠨᠤ ᠳᠠᠪᠤᠨ ᠬᠤᠰᠢᠭᠤ ᠮᠠᠯ᠂ ᠮᠢᠨᠤ ᠠᠭᠤᠯᠠᠰ ᠤᠨ ᠡᠷᠳᠡᠨᠢ ᠁ ᠪᠦᠷ ᠶᠠᠭᠠᠭᠢᠴᠢᠬᠠᠪᠠ ᠡ ︖ ᠭᠡᠵᠤ ᠨᠤᠳᠤᠭ ᠤᠨ ᠪᠣᠭᠤᠷᠤᠯ ᠰᠠᠭᠢᠭᠤᠰᠤ ᠤᠳ ᠳᠡᠭ᠍ᠷᠢ ᠵᠥᠭ᠌ ᠬᠠᠰᠭᠢᠷᠪᠠ᠃ ᠳᠠᠳᠠ ᠨᠡᠷ ᠭᠦᠭᠡᠷᠦᠭᠦᠢ᠂ ᠰᠤᠭᠳᠤᠴᠢᠬᠠᠵᠠᠢ᠃
ᠡᠨᠡ ᠪᠦᠭᠦᠨ ᠢ ᠦᠯᠦ ᠬᠠᠢ᠌ᠬᠤᠷᠤᠨ ᠣᠷᠤᠢ ᠶᠢᠨ ᠨᠠᠷᠠ ᠠᠭᠤᠯᠠ ᠶᠢᠨ ᠴᠠᠭᠠᠭᠤᠷ ᠠᠯᠭᠤᠷᠬᠠᠨ ᠣᠨᠠᠬᠤ ᠳᠤ ᠪᠣᠭᠤᠷᠤᠯ ᠤᠳ ᠤᠨ ᠮᠥᠩᠭᠦᠨ ᠴᠠᠭᠠᠨ ᠰᠠᠬᠠᠯ ᠳᠡᠭᠡᠷ᠎ᠡ ᠨᠢᠯᠪᠣᠰᠤ ᠭᠢᠯᠠᠯᠵᠠᠪᠠ᠃ ᠭᠦᠭ᠍ᠰᠢᠨ ᠬᠠᠢ᠌ᠯᠠᠰᠤᠨ ᠤ ᠰᠠᠯᠠᠭᠠᠨ ᠳᠤ ᠡᠨᠡ ᠪᠦᠭᠦᠨ ᠢ ᠬᠠᠷᠠᠵᠤ ᠰᠠᠭᠤᠭᠰᠠᠨ ᠱᠠᠭᠠᠵᠠᠭᠠᠢ ᠡᠭᠦᠷ ᠲᠡᠭᠡᠨ ᠡᠰᠡ ᠣᠷᠤᠨ ᠨᠠᠮ ᠵᠢᠮ ᠭᠡᠭᠡᠷ᠎ᠡ ᠳᠠᠯ᠎ᠠ ᠶᠢ ᠬᠠᠷᠠᠵᠤ ᠪᠠᠢ᠌ᠭᠰᠠᠨ ᠶᠢᠡᠨ ᠡᠴᠦᠰ ᠲᠡᠭᠡᠨ ᠨᠢᠯᠪᠣᠰᠤ ᠣᠨᠠᠭᠠᠪᠠ᠃
ᠵᠤᠬᠢᠶᠠᠭᠴᠢ ᠶᠢᠨ ᠬᠠᠶᠢᠭ ᠄ ᠪᠠᠭᠠᠷᠢᠨ ᠤ ᠪᠠᠢ᠌ᠰᠢᠩᠳᠤ
ᠵᠤᠬᠢᠶᠠᠭᠴᠢ᠄ ᠳ᠋·ᠪᠦᠷᠢᠨᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 12883
ᠴᠠᠭ᠄ 2011 ᠤᠨ ᠤ 02 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ