ᠨᠡᠪᠲᠡᠷᠡᠨ ᠤᠷᠤᠬᠤ
ᠵᠢᠷᠦᠭᠡ ᠰᠢᠷᠬᠠᠯᠠᠨ᠎ᠠ

ᠵᠢᠷᠦᠭᠡᠨ ᠳᠤᠯᠳᠤ

ᠣᠨᠠᠬᠤ ᠨᠠᠪᠴᠢᠰ ᠤᠨ ᠳᠡᠯᠪᠠᠭᠡᠨ ᠳᠤ ᠡᠰᠭᠡᠭ᠍ᠳᠡᠵᠤ

ᠡᠳᠡᠭᠡᠭᠦ ᠦᠭᠡᠶ ᠰᠢᠷᠬᠠᠯᠠᠨ᠎ᠠ

ᠵᠢᠭᠦᠷ ᠳᠠᠪᠢᠵᠤ ᠪᠣᠴᠠᠬᠤ ᠰᠢᠪᠠᠭᠤᠳ

ᠣᠷᠤᠭᠤᠯ ᠤᠨ ᠭᠡ ᠶᠢ ᠨᠡᠭᠦᠳᠡᠯ ᠶᠢᠡᠷ ᠶᠢᠡᠨ ᠪᠠᠯᠠᠯᠵᠤ

ᠠᠨᠢᠷ ᠦᠭᠡᠶ ᠬᠤᠯᠠᠳᠠᠨ᠎ᠠ᠃

ᠴᠢᠮ᠎ᠠ ᠶᠢ ᠰᠠᠨᠠᠭᠰᠠᠨ ᠡᠳᠦᠷ ᠤᠳ

ᠬᠠᠢ᠌ᠷ᠎ᠠ ᠶᠢ ᠮᠢᠨᠢ ᠠᠪᠴᠤ

ᠠᠭᠤᠯᠠ ᠳᠠᠪᠠᠨ ᠣᠳᠤᠭᠠᠤᠨ ᠠᠯᠠᠭ᠎ᠠ᠂

ᠳᠦᠭᠡᠷᠢᠴᠢᠭᠡᠭ᠍ᠰᠡᠨ ᠪᠣᠯ ᠦᠦ

ᠳᠠᠷᠠ ᠮᠢᠨᠢ ᠢᠷᠡᠳᠡᠭ᠌ ᠦᠭᠡᠶ ᠨᠢ᠃

ᠴᠢᠮ᠎ᠠ ᠳᠤ ᠪᠢᠴᠢᠭ᠍ᠰᠡᠨ ᠰᠢᠯᠦᠭ᠌ ᠤᠳ

ᠦᠪᠡᠷ ᠢ ᠮᠢᠨᠢ ᠡᠪᠦᠷᠳᠦᠯᠡᠵᠤ

ᠡᠭᠦᠯᠡ ᠭᠦᠯᠭᠡᠯᠡᠨ ᠨᠢᠰᠦᠭᠡᠳ ᠠᠯᠠᠭ᠎ᠠ᠂

ᠪᠠᠭᠡᠷᠡᠴᠢᠭᠡᠭ᠍ᠰᠡᠨ ᠪᠣᠯ ᠤᠤ

ᠪᠠᠶ᠎ᠠ ᠮᠢᠨᠢ ᠳᠤᠯᠠᠭᠠᠴᠠᠳᠠᠭ ᠦᠭᠡᠶ ᠨᠢ᠃

ᠰᠡᠳᠭᠢᠯ ᠤᠨ ᠥᠭᠡ

ᠳᠡᠷᠡᠯᠡᠭᠦ ᠭᠢᠷᠠᠭᠤᠨ ᠤ ᠠᠮᠢᠰᠬᠤᠭᠠᠨ ᠳᠤ ᠵᠢᠩᠳᠠᠵᠤ

ᠳᠠᠰ ᠳᠠᠰ ᠭᠦᠯᠳᠡᠨ᠎ᠡ᠂

ᠪᠣᠷᠬᠠᠨ ᠤ ᠪᠠᠨ ᠡᠮᠤᠨ᠎ᠡ ᠰᠥᠭᠦᠳᠴᠤ

ᠴᠢᠮ᠎ᠠ ᠲᠡᠶ ᠪᠠᠨ ᠣᠴᠠᠷᠠᠶ᠎ᠠ ᠭᠡᠵᠤ ᠪᠢ ᠭᠤᠶᠤᠬᠤ ᠳ᠋ᠤ

ᠪᠣᠴᠠᠵᠤ ᠠᠮᠵᠢᠭ᠎ᠠ ᠦᠭᠡᠶ ᠡᠴᠦᠰ ᠤᠨ ᠭᠠᠭᠴᠠ ᠰᠢᠪᠠᠭᠤ

ᠣᠴᠠᠷᠠᠯ ᠤᠨ ᠭᠡᠭᠡ ᠶᠢ ᠵᠡᠭᠦᠳᠤ ᠪᠠᠷ ᠶᠢᠡᠨ ᠰᠠᠢ᠌ᠯᠵᠤ

ᠠᠮᠢᠰᠬᠤᠭ᠎ᠠ ᠳᠠᠰᠤᠷᠠᠨ᠎ᠠ᠃


᠊᠊᠊᠊᠊᠊᠊᠊᠊᠊᠊᠊᠊᠊᠊ ᠬᠤᠧᠨ ᠬᠤᠰᠢᠭᠤ ᠶᠢᠨ ᠡᠩᠭᠡᠷ ᠳᠤ

2009-08 ᠰᠠᠷ᠎ᠠ

ᠵᠤᠬᠢᠶᠠᠭᠴᠢ ᠶᠢᠨ ᠬᠠᠶ‍ᠢᠭ ᠄ ᠯᠢᠶᠤᠤᠨᠢᠩ ᠶᠡᠭᠡ ᠰᠤᠷᠭᠠᠭᠤᠯᠢ

ᠵᠤᠬᠢᠶᠠᠭᠴᠢ᠄ ᠭᠤᠨᠢᠨᠤᠳ·ᠨᠠ᠊·ᠰᠥᠭᠡᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2631
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ