☆ ᠭᠠᠳᠠᠨ
ᠠᠭᠤᠯᠠ ᠶᠢᠨ ᠨᠠᠮᠤᠷ
ᠨᠢᠭᠡ᠂ ᠠᠭᠤᠯᠠ ᠶᠢᠨ ᠨᠠᠷᠠ ᠲᠡᠶ ᠵᠢᠷᠦᠭᠡ ᠯᠠ ᠠᠷᠢᠭᠤᠰᠠᠨᠠ
ᠮᠦᠷᠤ ᠰᠢᠯᠭᠡᠭᠡᠨ ᠪᠣᠰᠤᠭᠰᠠᠨ ᠠᠭᠤᠯᠠ
ᠦᠩ ᠳᠠᠷᠭᠤ ᠪᠠᠷ ᠨᠠᠷᠠᠨ ᠳᠤ ᠰᠤᠷᠯᠠᠪᠠᠴᠤ
ᠮᠦᠷ ᠴᠢᠯᠡᠭᠡᠨ ᠪᠣᠴᠠᠬᠤ ᠨᠠᠮᠤᠷ ᠤᠨ
ᠰᠢᠪᠠᠭᠤ ᠦᠭᠡᠶ ᠮᠤᠳᠤ ᠨᠢ ᠲᠦᠩᠰᠦᠨᠠ
ᠣᠢ ᠶᠢᠨ ᠨᠢᠯᠪᠣᠰᠤ ᠨᠢᠭᠡ ᠬᠤᠶᠠᠷ
ᠠᠭᠤᠯᠠ ᠶᠢᠨ ᠰᠡᠳᠭᠢᠯ ᠳᠤᠰᠤᠯᠠᠵᠤ ᠣᠨᠠᠨ᠎ᠠ
ᠭᠠᠯ ᠳᠦᠷᠡᠯᠵᠡᠮᠠ ᠵᠤᠯᠠ ᠨᠠᠪᠴᠢᠰ
ᠭᠠᠵᠠᠷ ᠬᠤᠳᠤᠯᠵᠠᠮᠠ ᠣᠯᠠ ᠴᠢᠰᠤᠳᠠᠬᠤ ᠳᠤ
ᠴᠠᠪᠴᠢᠵᠤ ᠬᠠᠶᠠᠭᠰᠠᠨ ᠰᠠᠯᠭᠢ ᠶᠢᠨ ᠠᠷᠤ ᠡᠴᠡ
ᠴᠠᠷᠪᠠᠵᠤ ᠢᠷᠡᠭᠡᠳ ᠴᠠᠰᠤ ᠳᠠᠷᠤᠨ᠎ᠠ
ᠨᠠᠮᠠᠭᠠᠨ ᠤ ᠥᠵᠦᠭᠦᠷ ᠮᠡᠳᠡᠩᠭᠡᠨ ᠴᠠᠴᠠᠷᠭᠢᠨᠠᠨ
ᠨᠠᠷᠠᠨ ᠤ ᠳᠤᠤᠷ᠎ᠠ ᠠᠭᠤᠯᠠ ᠪᠠᠯᠪᠠᠰᠤᠷᠠᠨᠠ
ᠨᠠᠮ ᠵᠢᠮ ᠢ ᠨᠠᠢ᠌ᠭᠤᠯᠤᠮᠠ ᠦᠭᠡᠶ
ᠨᠠᠷᠢᠬᠠᠨ ᠣᠳᠤᠭ᠎ᠠ ᠰᠡᠮᠭᠡᠨ ᠰᠤᠪᠣᠷᠠᠨ
ᠣᠢ᠌ᠳᠤᠯ ᠴᠡᠯᠮᠡᠭᠡᠷ ᠡᠴᠡ ᠣᠬᠠᠭ᠎ᠠ ᠳᠠᠭᠤᠳᠠᠬᠤ ᠰᠢᠭ
ᠣᠷᠭᠢᠯ ᠴᠡᠩᠭᠡᠷᠯᠡᠭᠦᠯᠤᠨ ᠣᠶᠠᠰᠴᠤ ᠶᠠᠪᠣᠨ᠎ᠠ
ᠣᠢ ᠶᠢᠨ ᠰᠠᠷ᠎ᠠ ᠲᠡᠶ ᠰᠡᠢ᠌ᠷᠡᠭ᠌ ᠭᠡᠩᠰᠢᠯ ᠳ᠋ᠤᠨᠢ
ᠠᠭᠤᠯᠠ ᠶᠢᠨ ᠨᠠᠷᠠ ᠲᠡᠶ ᠵᠢᠷᠦᠭᠡ ᠯᠠ ᠠᠷᠢᠭᠤᠰᠠᠨᠠ
ᠬᠤᠶᠠᠷ᠂ ᠳᠠᠷᠠᠭᠠᠴᠢ ᠶᠢᠨ ᠨᠠᠷᠠᠨ ᠤ ᠶᠠᠭᠠᠷᠠᠬᠤ ᠬᠠᠷᠠᠭᠳᠠᠨ᠎ᠠ
ᠢᠷᠡᠭᠦ ᠶᠢᠨ ᠪᠠᠶᠠᠨ ᠠᠭᠠᠷᠠᠤ ᠬᠠᠯᠭᠢᠭᠤᠯᠤᠨ
ᠶᠠᠪᠣᠬᠤ ᠶᠢᠨ ᠦᠨᠦᠴᠢᠨ ᠳᠤᠭᠤᠷᠤᠤ ᠭᠢᠩᠰᠢᠭᠦᠯᠤᠨ
ᠣᠨ ᠳᠡᠪᠭᠡᠷᠡᠭ᠌ ᠳᠣᠢ᠌ᠯᠭᠠᠨ ᠳᠤᠮᠳᠠᠭᠤᠷ
ᠣᠢ᠌ᠳᠤᠯ ᠪᠣᠢ᠌ᠯᠠᠮᠠ ᠬᠠᠢ᠌ᠯᠭᠠᠨ ᠣᠷᠤᠰᠬᠠᠬᠤ ᠳᠤ
ᠳᠠᠭᠤᠨ ᠠᠯᠳᠠᠮ᠎ᠠ ᠦᠷᠡᠰ ᠪᠣᠳᠠᠷᠠᠭᠠᠤᠨ
ᠳᠠᠭᠤᠤ ᠴᠢᠪᠪᠣᠮᠠ ᠰᠡᠭᠦᠷᠡᠰᠤ ᠲᠡᠶ ᠣᠨᠠᠨ᠎ᠠ
ᠨᠠᠷᠠᠨ ᠢ ᠴᠠᠯᠪᠠᠢ᠌ᠮᠠ ᠮᠥᠮᠥᠨ ᠦᠰᠴᠦ
ᠨᠠᠮᠤᠷ ᠶᠢᠡᠨ ᠴᠢᠯᠳᠠᠢ᠌ᠮᠠ ᠡᠮᠭᠡᠨᠢᠨ ᠥᠪᠯᠡᠭ᠍ᠰᠡᠨ
ᠪᠦᠷᠢᠨ ᠳᠡᠷᠭᠡᠯ ᠬᠠᠢ᠌ᠷ᠎ᠠ ᠴᠠᠯᠭᠢᠵᠤ
ᠪᠦᠳᠤᠨ ᠡᠯᠢᠭᠡ ᠲᠡᠶ ᠬᠤᠷᠸ᠎ᠠ ᠳᠠᠭᠤᠳᠠᠬᠤ ᠳᠤ
ᠪᠣᠷᠤ ᠨᠤᠳᠤᠭ ᠤᠨ ᠭᠦᠷᠦᠰᠤ ᠵᠥᠭᠡᠯᠡᠷᠡᠭᠡᠳ
ᠪᠣᠴᠠᠬᠤ ᠭᠠᠯᠠᠭᠤᠳ ᠤᠨ ᠳᠡᠭᠡᠰᠤ ᠰᠤᠯᠠᠷᠠᠨ᠎ᠠ
ᠬᠠᠪᠣᠷ ᠶᠢᠡᠨ ᠮᠠᠨᠠᠭᠰᠠᠨ ᠬᠤᠷᠢᠳᠤᠭᠠᠷ ᠪᠠᠭᠤᠴᠠᠨ ᠤ
ᠬᠠᠯᠳᠠᠷ ᠴᠠᠷᠴᠠᠭᠤ ᠭᠦᠷᠦᠰᠤᠨ ᠳᠤᠳᠤᠷ᠎ᠠ
ᠬᠤᠯᠪᠣᠭ᠎ᠠ ᠵᠢᠮᠢᠰ ᠲᠡᠶ ᠰᠢᠭᠤᠢ ᠵᠢᠷᠭᠢᠭᠦᠯᠤᠨ
ᠬᠤᠷᠸ᠎ᠠ ᠴᠠᠭᠠᠨ᠎ᠠ ᠪᠠᠨ ᠨᠢᠭᠡ ᠶᠢ ᠵᠡᠭᠦᠳᠦᠯᠡᠭᠦ ᠳᠤ
ᠳᠠᠢ᠌ᠨ ᠤ ᠣᠳᠤᠭᠠᠨ ᠳᠤ ᠭᠡᠵᠢᠶᠡᠳᠡ ᠊ᠭ᠍ᠬᠢᠷᠳᠦᠭᠦ ᠦᠭᠡᠶ
ᠳᠠᠷᠠᠭᠠᠴᠢ ᠶᠢᠨ ᠨᠠᠷᠠᠨ ᠤ ᠶᠠᠭᠠᠷᠠᠬᠤ ᠬᠠᠷᠠᠭᠳᠠᠨ᠎ᠠ
ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2977
ᠴᠠᠭ᠄ 2009 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ