☆ ᠰᠢᠵᠢᠷ
ᠴᠢᠮ᠎ᠠ ᠳᠤ ᠴᠢᠮᠡᠭᠡ ᠪᠢᠴᠢᠶ᠎ᠠ
ᠰᠡᠭᠦᠢᠨ ᠰᠥᠡᠳᠡᠷᠯᠡᠭᠦ ᠠᠭᠤᠯᠠᠰ
ᠪᠠᠷ᠎ᠠ ᠶᠢ ᠴᠢᠨᠢ ᠬᠠᠯᠬᠠᠯᠠᠨ
ᠨᠢᠳᠤ ᠶᠢ ᠴᠢᠯᠡᠭᠡᠨᠡ
ᠰᠡᠮᠡᠷᠭᠡᠨ ᠢᠯᠪᠢᠭᠦ ᠰᠠᠯᠭᠢᠨ
ᠪᠣᠳᠤᠯ ᠢ ᠮᠢᠨᠢ ᠰᠠᠮᠠᠷᠠᠭᠤᠯᠵᠤ
ᠦᠵᠡᠯ ᠢ ᠥᠨᠡᠮᠰᠢᠭᠦᠯᠤᠨᠡ
ᠰᠡᠭᠦᠳᠡᠨᠡᠩᠭᠡᠨ ᠭᠦᠪᠪᠦᠯᠵᠡᠭᠦ ᠡᠭᠦᠯᠡᠰ
ᠮᠦᠷᠦᠭᠡᠳᠦᠯ ᠢ ᠳᠠᠯᠠᠯᠠᠵᠤ
ᠣᠢ᠌ᠰᠤᠯ ᠢ ᠠᠷᠭᠠᠳᠠᠨ᠎ᠠ
ᠰᠡᠳᠭᠢᠯ ᠳᠤ ᠬᠤᠨᠤᠭᠰᠢᠭᠰᠠᠨ ᠳᠦᠷᠢ ᠣᠢ᠌ᠯᠠ
ᠢᠳᠡᠭᠡᠯ ᠢ ᠡᠷᠭᠦᠵᠤ
ᠰᠤᠷᠠᠭ ᠰᠤᠪᠢᠭᠤᠯᠤᠨᠡ
ᠴᠢᠪ ᠬᠤᠯᠠ ᠶᠢᠨ ᠴᠢᠮ᠎ᠠ ᠳ᠋ᠤ
ᠴᠢᠪ ᠴᠢᠮᠡᠭᠡ ᠥᠭᠡᠢ
ᠴᠢᠮᠡᠭᠡ ᠪᠢᠴᠢᠶ᠎ᠠ ᠭᠡᠯᠡ
ᠪᠣᠷᠤᠭᠠᠨ ᠦᠭᠡᠶ ᠵᠤᠨ ᠤ
ᠮᠤᠳᠤᠨ ᠨᠠᠪᠴᠢᠨ ᠤ ᠥᠩᠭᠡ ᠶᠢ ᠨᠢ
ᠳᠤᠳᠤᠳᠬᠠᠨ ᠪᠢᠴᠢᠶ᠎ᠠ ᠭᠡᠯᠡ
ᠪᠣᠷᠭᠠᠰᠤ ᠴᠤ ᠦᠭᠡᠶ ᠮᠠᠩᠬᠠᠨ ᠤ
ᠠᠪᠠᠷ ᠳᠠᠪᠠᠷ ᠬᠠᠮᠬᠤᠤᠯ ᠤᠨ ᠭᠢᠨᠢ
ᠦᠨᠳᠦᠰᠦ ᠶᠢᠨ ᠭᠢᠨᠢ ᠰᠢᠭᠢᠳᠤᠯ ᠢ ᠨᠢ
ᠦᠷᠤᠪᠳᠤᠨ ᠪᠢᠴᠢᠶ᠎ᠠ ᠭᠡᠯᠡ
ᠣᠰᠤ ᠦᠭᠡᠶ ᠭᠤᠤᠯ ᠤᠨ ᠳᠠᠩ ᠤᠨ
ᠣᠷᠤᠰᠬᠠᠯ ᠳᠠᠰᠤᠷᠠᠭᠰᠠᠨ ᠣᠷᠤᠮ ᠤᠨ
ᠣᠶᠠᠰᠤᠨ ᠭᠤᠨᠢᠭᠯᠠᠭᠠ ᠳᠦᠷᠢ ᠶᠢ ᠨᠢ
ᠮᠠᠳᠠᠷᠠᠨ ᠪᠢᠴᠢᠶ᠎ᠠ ᠭᠡᠯᠡ
ᠣᠬᠠᠭᠠᠨ ᠦᠭᠡᠶ ᠳᠡᠨᠡᠭ᠍ᠭᠡᠨ ᠪᠣᠳᠤᠯ ᠤᠨ
ᠣᠴᠢᠷᠳᠠᠢ᠌ᠬᠠᠨ ᠳᠤᠷᠠᠳᠬᠠᠯ ᠶᠢᠡᠨ ᠳᠤᠩᠭ᠋ᠠᠵᠤ
ᠪᠠᠶᠠᠷ ᠵᠢᠷᠭᠠᠯ ᠠᠴᠢᠶᠠᠯᠠᠨ ᠪᠢᠴᠢᠶ᠎ᠠ ᠭᠡᠯᠡ
ᠴᠢᠪ ᠬᠤᠯᠠ ᠶᠢᠨ ᠴᠢᠮ᠎ᠠ ᠳ᠋ᠤ
ᠴᠢᠪ ᠴᠢᠮᠡᠭᠡ ᠥᠭᠡᠢ
ᠴᠢᠮᠡᠭᠡ ᠪᠢᠴᠢᠶ᠎ᠠ ᠭᠡᠯᠡ
ᠣᠬᠠᠭᠠᠨ ᠳᠤᠳᠠᠭᠤ ᠠᠭᠠᠰᠢᠨ ᠳᠤ ᠪᠠᠨ
ᠳᠦᠭᠦᠭᠡ ᠨᠥᠭᠦᠵᠤ
ᠴᠢᠮᠡᠭᠡ ᠪᠢᠴᠢᠯ᠎ᠠ ︕
《ᠮᠠᠭᠤ ᠪᠠᠷ ᠳᠤᠳᠠᠬᠤ ᠦᠭᠡᠶ ᠠᠭᠠᠰᠢᠨ ᠳᠤ ᠪᠠᠨ
ᠰᠠᠢ᠌ᠨ ᠶᠢᠡᠷ ᠴᠢᠮ᠎ᠠ ᠪᠠᠨ ᠰᠠᠨᠠᠵᠤ ᠶᠠᠪᠣᠨ᠎ᠠ》
ᠮᠦᠷᠦᠭᠡᠳᠦᠯ ᠰᠡᠳᠭᠢᠯ ᠤᠨ ᠬᠤᠷᠸ᠎ᠠ ᠳᠤ ᠪᠠᠨ
ᠮᠥᠩᠭᠡᠳᠡ ᠭᠡᠢ ᠮᠤᠷᠢ ᠲᠡᠶ ᠪᠠᠢ᠌ᠬᠤ ᠶᠢ ᠳᠠᠭᠠᠳᠬᠠᠨᠡ
ᠵᠤᠬᠢᠶᠠᠭᠴᠢ ᠶᠢᠨ ᠬᠠᠶᠢᠭ ᠄ ᠬᠤᠤᠯᠢᠨ ᠭᠤᠤᠯ
ᠵᠤᠬᠢᠶᠠᠭᠴᠢ᠄ ᠰᠢᠵᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2653
ᠴᠠᠭ᠄ 2011 ᠤᠨ ᠤ 07 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ