ᠨᠡᠪᠲᠡᠷᠡᠨ ᠤᠷᠤᠬᠤ
ᠮᠠᠯᠴᠢᠨ ᠤ ᠵᠤᠪᠠᠯᠠᠩ

ᠬᠠᠰᠢᠶᠠᠯᠠᠭᠰᠠᠨ ᠮᠠᠯ ᠳᠤ ᠨᠢ ᠡᠪᠠᠰᠤ ᠳᠤᠳᠠᠭᠠᠤᠨ

ᠬᠠᠷᠠᠩᠭ᠋ᠤᠢ ᠰᠦᠨᠢ ᠪᠠᠷ ᠬᠠᠷᠢᠭᠤᠯᠬᠤ ᠵᠤᠪᠠᠯᠠᠩ

ᠬᠠᠳᠠᠭᠠᠯᠠᠭᠰᠠᠨ ᠨᠤᠯᠤᠤᠷ ᠨᠢ ᠥᠷᠳᠡᠭ᠌ ᠪᠠᠭᠤᠷᠠᠭᠠᠤᠨ

ᠬᠠᠳᠠᠮ ᠭᠠᠷᠬᠤ ᠦᠭᠡᠶ ᠳᠠᠷᠤᠭᠳᠠᠬᠤ ᠵᠤᠪᠠᠯᠠᠩ

ᠬᠤᠶᠠᠷ ᠭᠤᠷᠪᠠ ᠪᠠᠷ ᠳᠠᠪᠬᠤᠷᠯᠠᠵᠤ ᠢᠷᠡᠭᠦ

ᠬᠤᠷᠢᠮ ᠨᠠᠢ᠌ᠷ ᠤᠨ ᠣᠷᠢᠯᠭ᠎ᠠ ᠵᠤᠪᠠᠯᠠᠩ

ᠬᠤᠨᠤᠭᠤᠳᠠ ᠥᠡᠵᠢᠭᠦᠳᠡ ᠥᠷᠭᠦᠯᠵᠢᠯᠡᠵᠤ ᠣᠯᠠᠢ᠌ᠬᠤ

ᠬᠣᠢ᠌ᠯᠠᠷᠠᠬᠤ ᠰᠠᠯᠭᠢᠨ ᠤ ᠰᠢᠭᠤᠷᠭ᠎ᠠ ᠵᠤᠪᠠᠯᠠᠩ

ᠪᠠᠯᠴᠢᠭᠡᠷ ᠤᠨ ᠵᠠᠬ᠎ᠠ ᠪᠠᠷ ᠣᠷᠤᠵᠤ ᠢᠷᠡᠭᠦ

ᠪᠣᠰᠤᠳ ᠤᠨ ᠮᠠᠯ ᠭᠦᠭᠡᠭᠡᠳ ᠵᠤᠪᠠᠯᠠᠩ

ᠪᠦᠷᠭᠦᠭ᠌ ᠳᠡᠭ᠍ᠷᠢ ᠶᠢ ᠭᠦᠰᠡᠨ ᠴᠢᠷᠠᠢ᠌ᠴᠢᠯᠠᠵᠤ

ᠪᠣᠷᠤᠭ᠎ᠠ ᠬᠤᠷ᠎ᠠ ᠭᠦᠯᠢᠶᠡᠭᠡᠳ ᠵᠤᠪᠠᠯᠠᠩ

ᠦᠨᠳᠦᠷ ᠭᠦᠤ ᠲᠡᠶ ᠵᠢᠭᠡᠯᠡᠯᠭᠡ ᠠᠪᠴᠢᠬᠠᠭᠠᠤᠨ

ᠦᠷᠢ ᠰᠢᠷᠢ ᠳᠤ ᠪᠣᠭᠤᠭᠳᠠᠬᠤ ᠵᠤᠪᠠᠯᠠᠩ

ᠦᠰᠪᠦᠷᠢ ᠬᠡᠦᠬᠡᠳ ᠨᠢ ᠭᠢᠳᠠᠤᠨ ᠶᠢᠡᠷ ᠱᠤᠯᠤᠭᠤᠨᠠᠭᠠᠤᠨ

ᠥᠳᠡᠯᠦᠭᠡ ᠡᠪᠦᠭᠡ ᠨᠢ ᠳᠦᠭᠦᠭᠡᠷᠡᠭᠦ ᠦᠭᠡᠶ ᠵᠤᠪᠠᠯᠠᠩ

ᠠᠮᠢ ᠠᠬᠤᠢ ᠮᠠᠭᠤᠳᠠᠭᠰᠠᠨ ᠤ ᠶᠠᠯ᠎ᠠ ᠵᠢ

ᠠᠳᠤᠭᠤ ᠮᠠᠯ ᠳᠤ ᠨᠢ ᠨᠥᠮᠦᠷᠭᠡᠭᠦ ᠵᠤᠪᠠᠯᠠᠩ

ᠠᠯᠠᠭᠠᠨ ᠴᠢᠨᠡᠭᠡᠨ ᠪᠠᠯᠴᠢᠭᠡᠷ ᠤᠨ ᠳᠦᠯᠦᠭᠡ

ᠠᠢ᠌ᠮᠠᠭ ᠵᠡᠷᠭᠡᠯᠡᠳᠡᠭᠡ ᠭᠡᠷᠡᠭᠦᠯᠳᠡᠭᠦ ᠵᠤᠪᠠᠯᠠᠩ

ᠳᠠᠯ᠎ᠠ ᠶᠢᠨ ᠨᠤᠭᠤᠭᠠᠨ ᠳᠠᠩᠰᠤᠭ ᠪᠠᠯᠴᠢᠭᠡᠷ ᠨᠢ

ᠳᠠᠯᠭᠢᠭᠳᠠᠨ ᠡᠪᠳᠡᠭ᠍ᠳᠡᠵᠤ ᠰᠥᠢᠦᠡᠭᠦ ᠨᠢ ᠵᠤᠪᠠᠯᠠᠩ

ᠳᠠᠪᠤᠨ ᠬᠤᠰᠢᠭᠤ ᠮᠠᠯ ᠰᠥᠷᠦᠭ᠌ ᠨᠢ

ᠳᠠᠭᠤᠰᠤᠨ ᠬᠤᠷᠤᠭᠳᠠᠵᠤ ᠴᠥᠭᠡᠷᠡᠭᠦ ᠨᠢ ᠵᠤᠪᠠᠯᠠᠩ


ᠵᠤᠬᠢᠶᠠᠭᠴᠢ ᠶᠢᠨ ᠬᠠᠶ‍ᠢᠭ ᠄ ᠬᠠᠩᠭᠢᠨ ᠬᠤᠰᠢᠭᠤᠨ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2009 ᠤᠨ ᠤ 12 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ