ᠨᠡᠪᠲᠡᠷᠡᠨ ᠤᠷᠤᠬᠤ
ᠳᠠᠷᠠ ᠰᠦᠨᠢ

ᠳᠠᠷᠠ ᠰᠦᠨᠢ ᠶᠢᠨ ᠳᠡᠭ᠍ᠷᠢ ᠡᠴᠠ ᠰᠠᠷᠠᠨ ᠣᠢ᠌ᠤᠠᠴᠤ

ᠪᠣᠷᠤᠭᠠᠨ ᠤ ᠴᠡᠩᠭᠡᠭ᠌ ᠱᠤᠤᠭᠢᠶᠠᠨ ᠳᠤ ᠣᠶᠠᠷᠠᠨ᠎ᠠ᠂

ᠳᠠᠷᠠ ᠨᠤᠳᠤᠭ ᠤᠨ ᠰᠦᠨᠢ ᠡᠴᠠ ᠰᠠᠳᠭᠢᠯ ᠭᠡᠶ‍ᠦᠷᠡᠵᠤ

ᠳᠡᠭ᠍ᠷᠢ ᠶᠢᠨ ᠭᠠᠭᠴᠠ ᠣᠳᠤᠨ ᠪᠣᠯᠵᠤ ᠬᠠᠷᠪᠣᠨ᠎ᠠ᠃


ᠨᠠᠮᠤᠷ ᠡᠴᠠ ᠨᠠᠮᠤᠷ ᠢ ᠦᠳᠡᠵᠤ ᠬᠤᠯᠠᠳᠤᠭᠰᠠᠭᠠᠷ

ᠠᠶᠠᠨ ᠤ ᠴᠤᠪᠣᠭ᠎ᠠ ᠨᠠᠪᠴᠢᠰ ᠤᠨ ᠠᠯᠠᠭᠠᠨ ᠳᠤ ᠳᠠᠳᠠᠵᠠᠢ᠂

ᠶᠡᠭᠡ ᠣᠯᠠᠨ ᠵᠢᠯ ᠡᠭᠦᠯᠡᠰ ᠰᠢᠭ᠌ ᠨᠡᠭᠦᠭ᠍ᠰᠡᠭᠡᠷ

ᠰᠠᠨᠠᠭ᠎ᠠ ᠪᠣᠳᠤᠯ ᠳᠤ ᠨᠤᠳᠤᠭ ᠤᠨ ᠪᠠᠷ᠎ᠠ ᠡᠯᠡᠭ᠍ᠳᠡᠵᠡᠢ᠃

ᠠᠯᠤᠰ ᠳᠡᠷᠳᠡᠭᠡᠭᠢ ᠠᠯᠳᠠᠨ ᠭᠠᠳᠠᠰᠤ ᠶᠢᠨ ᠭᠡᠭᠡ

ᠣᠰᠤᠨ ᠪᠣᠯᠤᠷ ᠰᠢᠭᠦᠳᠡᠷ ᠪᠣᠯᠵᠤ ᠴᠡᠯᠴᠡᠭᠡᠨᠡᠨ᠎ᠡ

ᠰᠠᠨᠠᠵᠤ ᠮᠦᠷᠦᠭᠡᠳᠦᠭ᠍ᠰᠡᠨ ᠣᠨᠠᠭᠠᠨ ᠨᠤᠳᠤᠭ ᠤᠨ ᠰᠠᠯᠭᠢ

ᠰᠠᠯᠵᠤ ᠪᠣᠳᠠᠷᠠᠭᠰᠠᠨ ᠴᠠᠰᠤᠨ ᠪᠣᠯᠵᠤ ᠬᠠᠢ᠌ᠯᠠᠨ᠎ᠠ ᠡ︕

ᠳᠠᠷᠠ ᠰᠦᠨᠢ ᠶᠢᠨ ᠵᠡᠭᠦᠳᠤᠨ ᠡᠴᠡ ᠨᠠᠷᠠᠨ ᠮᠠᠠᠳᠤᠵᠤ

ᠭᠡᠶ‍ᠦᠷᠡᠭ᠍ᠰᠡᠨ ᠰᠡᠳᠭᠢᠯ ᠢ ᠮᠢᠨᠢ ᠠᠷᠭᠠᠳᠠᠶ᠎ᠠ ᠭᠡᠮᠡᠭᠦ ᠳ᠋ᠡᠭᠡᠨ

ᠰᠠᠠᠰᠠᠷ ᠣᠷᠴᠢᠯᠠᠩ ᠤᠨ ᠠᠯᠳᠠᠩᠬᠠᠨ ᠬᠤᠷᠤᠮ ᠳᠤ ᠬᠤᠷᠭᠤᠳᠤᠭᠰᠠᠭᠠᠷ

ᠰᠠᠷᠨᠠᠢ ᠴᠡᠴᠡᠭ᠌ ᠤᠨ ᠳᠡᠯᠪᠠᠭᠡ ᠪᠣᠯᠤᠨ ᠳᠡᠯᠭᠡᠷᠡᠵᠡᠢ᠂


ᠮᠤᠩᠭ᠋ᠤᠯ ᠤᠨ ᠡᠷᠳᠡᠨᠢᠳᠤ ᠬᠤᠳᠠ ᠳ᠋ᠤ

2010 ᠣᠨ ᠤ 2 ᠰᠠᠷ᠎ᠠ ᠵᠢᠨ10᠃


ᠵᠤᠬᠢᠶᠠᠭᠴᠢ ᠶᠢᠨ ᠬᠠᠶ‍ᠢᠭ᠄ ᠬᠠᠢ᠌ᠯᠠᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2631
ᠴᠠᠭ᠄ 2010 ᠤᠨ ᠤ 05 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ