ᠨᠡᠪᠲᠡᠷᠡᠨ ᠤᠷᠤᠬᠤ
ᠠᠮᠢᠨ ᠭᠦᠰᠡᠯ

ᠡᠪᠠᠰᠤ ᠪᠣᠯᠵᠤ ᠢᠳᠡᠭ᠍ᠳᠡᠭᠦ ᠪᠠᠷ

ᠡᠯᠡᠰᠤ ᠪᠣᠯᠵᠤ ᠰᠢᠭᠤᠷᠠᠭᠰᠠᠨ ᠪᠣᠯ

ᠨᠤᠭᠤ ᠪᠣᠯᠵᠤ ᠬᠠᠳᠠᠬᠤ ᠪᠠᠷ

ᠨᠠᠭᠤᠷ ᠪᠣᠯᠵᠤ ᠰᠢᠷᠭᠢᠭ᠍ᠰᠰᠡᠨ ᠪᠣᠯ

ᠪᠣᠳᠠ ᠪᠣᠯᠵᠤ ᠵᠤᠮᠠᠭᠠᠭᠳᠠᠬᠤ ᠪᠠᠷ

ᠪᠣᠷᠭᠠᠰᠤ ᠪᠣᠯᠵᠤ ᠬᠠᠳᠤᠭᠳᠠᠭᠰᠠᠨ ᠪᠣᠯ

ᠪᠣᠭ ᠮᠠᠯ ᠪᠣᠯᠵᠤ ᠬᠤᠷᠢᠭᠳᠠᠬᠤ ᠪᠠᠷ

ᠪᠣᠳᠠ ᠮᠠᠯ ᠪᠣᠯᠵᠤ ᠭᠦᠳᠡᠭᠡᠯᠡᠭ᠍ᠰᠡᠨ ᠪᠣᠯ

ᠣᠬᠤᠨ᠎ᠠ ᠪᠣᠯᠵᠤ ᠣᠴᠠᠭᠠᠷᠳᠠᠭᠳᠠᠬᠤ ᠪᠠᠷ

ᠠᠵᠢᠷᠭ᠎ᠠ ᠪᠣᠯᠵᠤ ᠱᠠᠭᠰᠢᠭᠳᠠᠭᠰᠠᠨ ᠪᠣᠯ

ᠪᠣᠬ᠎ᠠ ᠪᠣᠯᠵᠤ ᠠᠳᠠᠭᠠᠯᠠᠭᠳᠠᠬᠤ ᠪᠠᠷ

ᠪᠣᠤᠷ᠎ᠠ ᠪᠣᠯᠵᠤ ᠰᠢᠳᠦᠭ᠍ᠳᠡᠭ᠍ᠰᠡᠨ ᠪᠣᠯ

ᠳᠠᠭᠢᠶ᠎ᠠ ᠪᠣᠯᠵᠤ ᠳᠡᠷᠪᠠᠯᠵᠡᠭᠦ ᠪᠠᠷ

ᠳᠠᠭᠳᠠᠭ᠎ᠠ ᠪᠣᠯᠵᠤ ᠨᠢᠰᠦᠭ᠍ᠰᠡᠨ ᠪᠣᠯ

ᠮᠠᠯ ᠪᠣᠯᠵᠤ ᠡᠳ᠋ᠯᠡᠭ᠍ᠳᠡᠭᠦ ᠪᠠᠷ

ᠮᠠᠢ᠌ᠯᠠᠰᠤ ᠪᠣᠯᠵᠤ ᠠᠰᠢᠭᠯᠠᠭᠳᠠᠭᠰᠠᠨ ᠪᠣᠯ

ᠨᠤᠬᠠᠢ ᠪᠣᠯᠵᠤ ᠬᠤᠴᠠᠬᠤ ᠪᠠᠷ

ᠨᠤᠭᠤᠰᠤ ᠪᠣᠯᠵᠤ ᠭᠠᠸᠠᠭᠠᠯᠠᠭᠰᠠᠨ ᠪᠣᠯ

ᠭᠠᠬᠠᠢ ᠪᠣᠯᠵᠤ ᠭᠠᠵᠠᠷ ᠬᠤᠪᠬᠤᠯᠠᠬᠤ ᠪᠠᠷ

ᠭᠠᠯᠠᠭᠤ ᠪᠣᠯᠵᠤ ᠣᠭᠳᠠᠷᠭᠤᠢ ᠳᠤ ᠬᠠᠯᠢᠭᠰᠠᠨ ᠪᠣᠯ

ᠬᠠᠳᠠ ᠪᠣᠯᠵᠤ ᠬᠠᠭᠠᠯᠠᠭᠳᠠᠬᠤ ᠪᠠᠷ

ᠬᠠᠢ᠌ᠯᠠᠰᠤ ᠪᠣᠯᠵᠤ ᠣᠷᠭᠤᠭᠰᠠᠨ ᠪᠣᠯ

ᠬᠠᠷ᠎ᠠ ᠳᠡᠷᠢᠭᠦᠳᠡᠨ ᠪᠣᠯᠵᠤ ᠥᠭᠦᠭᠦ ᠪᠠᠷ

ᠬᠠᠢ᠌ᠯᠤᠰᠢ ᠪᠣᠯᠵᠤ ᠴᠢᠤᠠᠬᠤᠭᠳᠠᠭᠰᠠᠨ ᠪᠣᠯ᠃


ᠵᠤᠬᠢᠶᠠᠭᠴᠢ ᠶᠢᠨ ᠬᠠ‍‌ᠶᠢᠭ ᠄ ᠰᠦᠨᠢᠳ ᠪᠠᠷᠠᠭᠤᠨ ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ

ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2661
ᠴᠠᠭ᠄ 2011 ᠤᠨ ᠤ 04 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ