☆ ᠭᠦᠷᠵᠡᠪ
ᠨᠤᠳᠤᠭ ᠤᠨ ᠴᠢᠯᠠᠭᠤ
᠊᠊᠊᠊᠊᠊᠊᠊᠊᠊᠊᠊᠊᠊᠊ ᠨᠤᠳᠤᠭ ᠶᠢᠠᠨ ᠳᠤᠷᠠᠰᠬᠤ ᠳᠠᠭᠠᠨ ᠰᠡᠳᠭᠢᠭᠰᠡᠨ ᠰᠤᠯᠠ ᠰᠢᠯᠦᠭᠯᠡᠯ
ᠨᠠᠷᠠᠨ ᠤ
ᠪᠢᠳᠡᠭᠦᠤ ᠴᠠᠭᠠᠨ ᠬᠠᠰᠭᠢᠷᠤᠯ
ᠨᠠᠮ᠎ᠠ ᠶᠢ᠌
ᠪᠢᠯᠡᠭᠦᠳᠡᠵᠤ ᠰᠤᠷᠭᠠᠭᠰᠠᠨ
ᠨᠠᠭᠠᠳᠤᠮ
ᠰᠠᠷᠠᠨ ᠤ
ᠰᠠᠳᠠᠷᠠᠭᠰᠠᠨ ᠵᠥᠭᠡᠯᠡᠨ ᠠᠮᠢᠰᠬᠤᠭ᠎ᠠ
ᠰᠠᠨᠠᠭᠠᠨ ᠳᠤ ᠮᠢᠨᠢ
ᠰᠠᠢ᠌ᠬᠠᠨ ᠵᠢᠭᠦᠷ ᠣᠷᠭᠤᠯᠤᠭᠰᠠᠨ
ᠭᠦᠰᠡᠯᠡᠩ
ᠣᠳᠤᠨ ᠤ
ᠣᠴᠢᠯᠠᠭᠰᠠᠨ ᠬᠤᠷᠴᠠ ᠭᠡᠷᠡᠯ
ᠣᠶᠤᠨ ᠳᠤ ᠮᠢᠨᠢ
ᠣᠷᠤᠨ ᠪᠠᠢ᠌ᠷᠢ ᠡᠵᠡᠯᠡᠭ᠍ᠰᠡᠨ
ᠥᠯᠢᠭᠡᠷ
ᠰᠠᠯᠭᠢᠨ ᠤ
ᠰᠠᠮᠨᠠᠭᠰᠠᠨ ᠨᠢᠭᠤᠴᠠ ᠥᠭᠡ
ᠰᠠᠠᠳᠤᠷᠬᠤ ᠳᠤ ᠮᠢᠨᠢ
ᠰᠠᠮᠪᠠᠭ᠎ᠠ ᠳᠦᠷᠦᠭᠦᠯᠳᠡᠭ᠌ ᠣᠬᠠᠭᠠᠨ
ᠪᠣᠷᠤᠭᠠᠨ ᠤ
ᠪᠣᠯᠪᠠᠰᠤᠷᠠᠭᠰᠠᠨ ᠬᠠᠷ᠎ᠠ ᠨᠢᠳᠤ
ᠪᠣᠰᠬᠤ ᠳᠤ ᠮᠢᠨᠢ
ᠪᠣᠳᠤᠯ ᠳᠤᠯᠳᠠᠭ ᠴᠡᠭ᠌︕
1995.2.16 ᠳᠤ ᠪᠢᠴᠢᠭ᠍ᠰᠡᠨ ᠨᠡᠢ᠌ᠳᠡᠯᠡᠭᠦᠯᠦᠭᠡᠳᠦᠢ ᠰᠢᠯᠦᠭ᠌᠃
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2650
ᠴᠠᠭ᠄ 2011 ᠤᠨ ᠤ 03 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ