☆ ᠬᠠᠰᠪᠠᠭᠠᠨ᠎ᠠ
ᠬᠠᠢ᠌ᠷ᠎ᠠ
ᠵᠢᠷᠭᠠᠯ ᠤᠨ ᠳᠤᠶᠠᠭ᠎ᠠ ᠳᠠᠳᠠᠭᠤᠯᠤᠨ ᠭᠦᠯᠦᠭ᠌ ᠤᠨ ᠰᠤᠷ ᠬᠣᠢ᠌ᠯᠠᠷᠠᠨᠠ᠂
ᠵᠠᠶᠠᠭᠠᠨ ᠤ ᠬᠠᠨᠢ ᠪᠠᠨ ᠪᠣᠳᠤᠭᠠᠤᠨ ᠰᠡᠳᠭᠢᠯ ᠤᠨ ᠣᠶᠠᠩᠭ᠋᠎ᠠ ᠣᠠᠳᠤᠷᠠᠨᠠ᠂
ᠳᠦᠭᠦᠷᠦᠭᠡ ᠦᠭᠡᠶ ᠵᠠᠶᠠᠭᠠᠨ ᠤ ᠮᠢᠨᠢ ᠦᠯᠡᠮᠵᠢ ᠶᠢᠨ ᠳᠤᠷᠠᠯᠠᠯ ᠰᠤᠯᠤᠩᠭ᠋ᠠᠷᠠᠨ᠎ᠠ᠂
ᠳᠦᠷᠦᠭ᠍ᠰᠡᠨ ᠨᠤᠳᠤᠭ ᠤᠨ ᠬᠤᠩᠭ᠋ᠤᠷ ᠴᠢᠮᠠᠳᠠᠭᠠᠨ ᠡᠷᠭᠡᠯᠡᠭᠡᠳ ᠵᠢᠷᠭᠠᠨ᠎ᠠ᠂
ᠳᠤᠷᠭᠠᠨ ᠮᠠᠯᠠᠮᠠᠢ ᠶᠢ ᠴᠢᠨᠢ ᠰᠢᠷᠳᠠᠨ ᠵᠢᠷᠦᠭᠡᠨ ᠤ ᠳᠠᠭᠤᠤ ᠰᠢᠩᠭᠡᠨ᠎ᠡ
ᠳᠤᠯᠤᠭᠠᠨ ᠪᠣᠷᠬᠠᠤᠨ ᠤᠨ ᠳᠤᠮᠤᠭ ᠰᠢᠭ ᠥᠨᠡᠡᠴᠢᠭᠡᠨ ᠰᠡᠳᠭᠢᠯ ᠭᠦᠪᠦᠷᠡᠨᠡ᠂
ᠳᠤᠭᠰᠢᠨ ᠳᠠᠪᠠᠯᠭᠠᠨ ᠤ ᠰᠦᠷ ᠲᠤ ᠬᠠᠳᠠᠭᠤᠬᠠᠨ ᠳᠤᠷᠠᠯᠠᠯ ᠰᠦᠨᠳᠠᠷᠯᠠᠨ᠎ᠠ᠂
ᠳᠤᠭᠤᠨᠤᠳᠤ ᠭᠡᠷ ᠤᠨ ᠮᠢᠨᠢ ᠬᠣᠢ᠌ᠮᠤᠷ ᠲᠤ ᠴᠢ ᠮᠢᠨᠢ ᠨᠠᠳᠠ ᠳᠠᠭᠠᠨ ᠡᠷᠭᠡᠯᠡᠨ᠎ᠡ᠃
ᠬᠠᠢ᠌ᠷᠠᠳᠠᠢ ᠪᠦᠭᠦᠨ ᠶᠢᠡᠨ ᠪᠣᠳᠤᠭᠠᠤᠨ ᠰᠡᠳᠭᠢᠯ ᠤᠨ ᠳᠦᠷᠦᠭᠡ ᠳᠠᠪᠭᠢᠷᠠᠨᠠ᠂
ᠬᠠᠯᠠᠭᠤᠬᠠᠨ ᠴᠢᠮ᠎ᠠ ᠪᠠᠨ ᠪᠣᠳᠤᠭᠠᠤᠨ ᠢᠨᠠᠭ ᠤᠨ ᠵᠡᠭᠦᠳᠤ ᠭᠦᠪᠦᠷᠢᠨᠡ᠂
ᠬᠠᠨᠢᠬᠠᠨ ᠵᠢᠷᠭᠠᠯ ᠤᠨ ᠬᠤᠷᠮᠤᠢ ᠳᠤ ᠬᠤᠶᠠᠭᠤᠯᠠ ᠪᠠᠨ ᠴᠡᠩᠭᠡᠵᠤ ᠪᠠᠶᠠᠰᠤᠨ᠎ᠠ᠂
ᠬᠠᠨ ᠳᠡᠯᠡᠭᠡᠢ ᠶᠢ ᠴᠤ ᠥᠮᠴᠢᠷᠭᠡᠮᠡᠷ ᠨᠠᠳᠠ ᠳᠠᠭᠠᠨ ᠡᠷᠭᠡᠯᠡᠨ ᠵᠢᠷᠭᠠᠨ᠎ᠠ᠂
ᠠᠮᠢᠳᠤᠷᠠᠯ ᠤᠨ ᠬᠠᠶᠢᠭ ᠳᠠᠷᠠᠯᠠᠵᠤ ᠢᠳᠡᠭᠡᠯ ᠤᠨ ᠣᠴᠢ ᠣᠠᠳᠤᠷᠤᠨ᠎ᠠ᠂
ᠠᠮᠠᠷᠠᠭ ᠰᠡᠳᠭᠢᠯ ᠨᠢᠯᠬᠠᠷᠠᠵᠤ ᠬᠠᠢ᠌ᠷ᠎ᠠ ᠶᠢᠨ ᠳᠠᠭᠤᠤ ᠶᠠᠷᠢᠭᠳᠠᠨ᠎ᠠ᠂
ᠠᠯᠤᠰ ᠤᠨ ᠰᠤᠪᠢᠩ ᠳᠦᠭᠦᠷᠡᠵᠤ ᠮᠥᠷᠦᠭᠡᠳᠦᠯ ᠭᠦᠯᠦᠭᠯᠡᠵᠤ ᠮᠤᠷᠳᠠᠨ᠎ᠠ
ᠠᠮᠢᠨ ᠤ ᠵᠢᠷᠦᠭᠡ ᠳᠤᠭᠳᠤᠯᠵᠤ ᠢᠳᠡᠭᠡᠯ ᠢᠩᠭᠢᠵᠤ ᠠᠭᠤᠰᠤᠨ᠎ᠠ᠃
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠠᠢ᠌ᠮᠠᠭ ᠰᠢᠯᠤᠭᠤᠨ ᠭᠦᠭᠡ ᠬᠤᠰᠢᠭᠤᠨ ᠤ ᠰᠠᠩ ᠤᠨ ᠳᠠᠯᠠᠢ ᠪᠠᠯᠭᠠᠰᠤᠨ ᠤ ᠭᠠᠩᠭ᠋ᠠᠠᠳᠠᠯᠠ ᠭᠠᠴᠠᠭ᠎ᠠ
ᠵᠤᠬᠢᠶᠠᠭᠴᠢ᠄ ᠬᠠᠰᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2630
ᠴᠠᠭ᠄ 2010 ᠤᠨ ᠤ 03 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ