ᠨᠡᠪᠲᠡᠷᠡᠨ ᠤᠷᠤᠬᠤ
ᠡᠭᠦᠯᠳᠡᠷ ᠰᠠᠢ᠌ᠵᠢᠷᠠᠭᠤᠯᠤᠯᠳᠠ

ᠨᠠᠮᠢ᠋ᠢ ᠳᠦᠭᠦᠭᠡ ᠣᠷᠤᠬᠤ ᠶᠢᠨ ᠨᠠᠭᠠᠭᠤᠷ ᠴᠠᠭᠠᠭᠤᠷ ᠳᠠᠷᠤᠢ ᠶᠡᠷᠢᠭᠡᠳ ᠣᠨ ᠤ ᠦᠶ᠎ᠡ ᠪᠠᠷ ᠮᠠᠨ ᠤ ᠨᠤᠳᠤᠭ ᠲᠤ ᠮᠤᠩᠭ᠋ᠤᠯ ᠥᠭᠡᠷ ᠲᠤ ᠭᠠᠷ ᠭᠡᠭᠡᠯᠳᠦᠯᠭᠡ ᠭᠢᠵᠤ ᠮᠠᠯ ᠤᠨ ᠡᠭᠦᠯᠳᠡᠷ ᠢ ᠰᠠᠢ᠌ᠵᠢᠷᠠᠭᠤᠯᠬᠤ ᠶᠡᠭᠡ ᠳᠠᠪᠵᠢᠶᠠᠨ ᠪᠣᠯᠤᠭᠰᠠᠨ ᠪᠢᠯᠠ᠃ ᠡᠨᠡ ᠨᠢ ᠶᠠᠷᠢᠶᠠᠨ ᠦᠭᠡᠶ ᠨᠤᠳᠤᠭ ᠤᠨ ᠠᠷᠠᠤᠨ ᠤᠨ ᠰᠤᠨᠢᠷᠬᠠᠯ ᠭᠠᠢ᠌ᠬᠠᠯ ᠢ ᠳᠦᠷᠦᠭᠦᠯᠵᠤ᠂ ᠮᠦᠨᠴᠤ ᠭᠤᠵᠣᠢ᠌ᠭᠰᠠᠨ ᠡᠪᠠᠷ ᠲᠡᠶ᠂ ᠳᠤᠷᠤᠰᠬ᠎ᠠ ᠰᠢᠭ ᠥᠭᠡᠷ ᠡᠴᠡ ᠪᠠᠨ ᠡᠪᠠᠷ ᠵᠢᠵᠢᠭ᠌᠂ ᠭᠦᠵᠦᠭᠦᠤ ᠪᠣᠭᠤᠨᠢ᠂ ᠪᠠᠶ᠎ᠠ ᠪᠢᠯᠳᠠᠷ ᠲᠡᠶ᠂ ᠮᠠᠷᠢᠶ᠎ᠠ ᠮᠢᠬ᠎ᠠ ᠲᠡᠶ ᠥᠭᠡᠷ ᠬᠤᠪᠢᠷᠠᠨ᠎ᠠ ᠭᠡᠳᠡᠭ᠌ ᠨᠢ ᠳᠠᠳᠠᠨᠠᠷ ᠢ ᠬᠠᠭ᠎ᠠ ᠪᠠᠶᠠᠷᠯᠠᠭᠤᠯᠤᠭᠰᠠᠨ ᠪᠠᠢ᠌ᠨ᠎ᠠ᠃ ᠢᠩᠭᠢᠭᠡᠳ ᠥᠭᠡ ᠳᠦᠭᠦᠭᠡᠷᠡᠭᠦ ᠦᠭᠡᠶ ᠠᠳᠠᠭᠤᠰᠤᠨ ᠪᠦᠭ᠍ᠰᠡᠨ ᠳᠤ ᠭᠦᠮᠤᠨ ᠤ ᠭᠠᠷ ᠶᠢᠡᠷ ᠦᠷ᠎ᠡ ᠳᠠᠷᠢᠵᠤ᠂ ᠰᠠᠴᠠᠭᠤ ᠪᠠᠷ ᠳᠠᠯ᠎ᠠ ᠨᠤᠳᠤᠭ ᠤᠨ ᠪᠣᠬ᠎ᠠ ᠴᠤ ᠪᠦᠭᠡᠷ᠎ᠡ ᠪᠠᠨ ᠠᠪᠳᠠᠨ ᠠᠵᠢᠯ ᠠᠯᠳᠠᠵᠠᠢ᠃ ᠳᠠᠯ᠎ᠠ ᠨᠤᠳᠤᠭ ᠤᠨ ᠥᠭᠡᠷ ᠴᠢᠨᠠᠷ ᠦᠭᠡᠶ ᠶᠤᠮ ᠴᠢᠨᠢ ᠳᠡᠭᠦᠨ ᠡᠴᠡ ᠬᠠᠷᠪᠣᠬᠤ ᠦᠷ᠎ᠡ ᠦᠶ᠎ᠡ ᠶᠢᠨ ᠦᠶ᠎ᠡ ᠳᠤ ᠪᠠᠨ ᠣᠯᠢᠭ ᠲᠡᠶ ᠶᠠᠭᠤᠮ᠎ᠠ ᠭᠠᠷᠬᠤ ᠦᠭᠡᠶ᠃ ᠡᠢ᠌ᠡᠭᠦ ᠴᠢᠨᠠᠷ ᠦᠭᠡᠶ ᠶᠠᠭᠤᠮ᠎ᠠ ᠶᠢᠨ ᠳᠤᠭ᠎ᠠ ᠳᠤᠯᠤᠭᠠᠢ ᠶᠢ ᠥᠰᠭᠡᠭᠦ ᠡᠴᠡ ᠴᠢᠨᠠᠷ ᠲᠡᠶ 《ᠡᠷᠳᠡᠨᠢ》 ᠨᠢ ᠬᠤᠶᠠᠷ ᠭᠤᠷᠪᠠᠬᠠᠨ ᠪᠠᠢ᠌ᠪᠠᠯ ᠪᠣᠯᠴᠢᠬᠠᠨ᠎ᠠ ᠭᠡᠨ᠎ᠡ᠃ ᠢᠩᠭᠢᠵᠤ ᠠᠷᠪᠠᠨ ᠭᠡᠳᠤᠨ ᠵᠢᠯ ᠤᠨ ᠡᠭᠦᠯᠳᠡᠷ ᠰᠠᠢ᠌ᠵᠢᠷᠠᠭᠤᠯᠤᠯᠳᠠ ᠪᠠᠷ ᠳᠠᠮᠵᠢᠨ ᠮᠤᠩᠭ᠋ᠤᠯ ᠥᠭᠡᠷ ᠤᠨ ᠴᠢᠰᠤ ᠬᠤᠪᠢᠷᠠᠵᠤ᠂ ᠣᠭᠰᠠᠭ᠎ᠠ ᠰᠤᠯᠢᠭᠳᠠᠵᠤ ᠭᠦᠢᠴᠡᠵᠡᠢ᠃

ᠳᠠᠯ᠎ᠠ ᠨᠤᠳᠤᠭ ᠤᠨ ᠡᠪᠳᠡᠭ᠍ᠳᠡᠯ ᠳᠤ ᠡᠭᠦᠯᠳᠡᠷ ᠰᠠᠢ᠌ᠵᠢᠷᠠᠭᠤᠯᠤᠭᠰᠠᠨ ᠥᠭᠡᠷ ᠨᠢ ᠬᠠᠰᠢᠶᠠᠯᠠᠵᠤ ᠳᠡᠵᠢᠭᠡᠭᠦ ᠳᠤ ᠳᠤᠭᠢᠷᠠᠮᠵᠢᠳᠠᠢ ᠶᠤᠮ ᠭᠡᠨ᠎ᠡ᠃ ᠳᠤᠭ᠎ᠠ ᠨᠢ ᠪᠠᠭ᠎ᠠ ᠴᠤ ᠴᠢᠨᠠᠷ ᠲᠡᠶ ᠡᠴᠡ ᠵᠤᠭᠤᠰ ᠵᠠᠷᠤᠬᠤ ᠳᠤ ᠰᠠᠢ᠌ᠨ᠎ᠠ ᠭᠡᠨ᠎ᠡ᠃ ᠡᠢ᠌ᠡᠭᠦ ᠳᠠᠯ᠎ᠠ ᠨᠤᠳᠤᠭ ᠲᠤ ᠮᠠᠯ ᠤᠨ ᠮᠦᠷ ᠬᠤᠪᠣᠷᠳᠠᠵᠤ᠂ ᠰᠥ᠋ ᠠᠢ᠌ᠷᠠᠭ ᠤᠨ ᠦᠨᠦᠷ ᠠᠷᠢᠯᠬᠤ ᠰᠢᠬᠠᠵᠠᠢ᠃ ᠢᠩᠭᠢᠭᠡᠳ ᠮᠠᠯᠴᠢᠳ ᠤᠨ ᠰᠡᠳᠭᠢᠯ ᠬᠤᠭᠤᠰᠤᠷᠠᠵᠤ ᠢᠷᠠᠯ᠎ᠠ᠃ ᠰᠡᠳᠭᠢᠯ ᠤᠨ ᠡᠭᠦᠯᠳᠡᠷ ᠢ ᠰᠠᠢ᠌ᠵᠢᠷᠠᠭᠤᠯᠳᠠᠭ ᠵᠤᠷ ᠪᠠᠢ᠌ᠳᠠᠭ ᠪᠣᠯ ︖

ᠦᠪᠣᠷ ᠮᠤᠩᠭ᠋ᠤᠯᠴᠤᠳ ᠮᠠᠯ ᠠᠵᠤ ᠠᠬᠤᠢ ᠳᠡᠭᠡᠷ᠎ᠡ ᠡᠭᠦᠯᠳᠡᠷ ᠰᠠᠢ᠌ᠵᠢᠷᠠᠭᠤᠯᠤᠭᠰᠠᠨ 《ᠠᠮᠵᠢᠯᠳᠠ》 ᠨᠢ ᠣᠷᠠᠯᠢᠭᠴᠢᠳ ᠤᠨ ᠦᠨᠳᠦᠰᠦᠳᠠᠨ ᠤ ᠰᠤᠶᠤᠯ ᠳᠤ ᠪᠠᠨ ᠡᠭᠦᠯᠳᠡᠷ ᠰᠠᠢ᠌ᠵᠢᠷᠠᠭᠤᠯᠬᠤ ᠳᠤ ᠨᠢ ᠳᠤᠩ ᠶᠡᠭᠡ ᠨᠥᠯᠦᠭᠡ ᠥᠵᠡᠭᠦᠯᠵᠡᠢ (ᠡᠨᠡ ᠬᠤᠶᠠᠷ ᠬᠠᠷᠢᠴᠠᠭ᠎ᠠ ᠦᠭᠡᠶ ᠪᠠᠢ᠌ᠵᠤ ᠮᠠᠳᠠᠨ᠎ᠡ᠂ ᠮᠡᠭᠦᠰ ᠪᠢ ᠵᠤᠬᠢᠶᠠᠯ ᠶᠢᠡᠨ ᠬᠤᠯᠪᠣᠵᠤ ᠭᠡᠯᠡᠭ᠍ᠰᠡᠨ ᠥᠭᠡ ᠳᠠᠳᠤᠢ᠂ ᠣᠩᠰᠢᠭᠴᠢ ᠮᠡᠷᠭᠡᠳ ᠪᠠᠭᠳᠠᠭᠠᠵᠤ ᠬᠠᠢ᠌ᠷᠠᠯᠠᠮᠤ)᠃ ᠠᠵᠤ ᠠᠬᠤᠢ ᠡᠴᠡ ᠰᠤᠶᠤᠯ ᠵᠥᠭ᠌ ᠶᠢᠡᠨ ᠭᠠᠷ ᠳᠦᠷᠢᠭ᠍ᠰᠡᠨ ᠨᠢ ᠳᠠᠳᠠᠨᠠᠷ ᠤᠨ ᠨᠢᠭᠡ ᠶᠤᠰᠤᠨ ᠤ ᠭᠠᠪᠢᠶ᠎ᠠ ᠭᠡᠯᠳᠡᠢ᠃

ᠡᠭᠦᠨ ᠤ ᠳᠤᠳᠤᠷᠠᠭᠢ ᠳᠠᠯ᠎ᠠ ᠨᠤᠳᠤᠭ ᠤᠨ ᠳᠠᠭᠤᠤ ᠪᠣᠯ ᠳᠠᠷᠤᠢ ᠮᠠᠨ ᠤ ᠦᠨᠳᠦᠰᠦᠳᠠᠨ ᠤ ᠳᠠᠭᠤᠷᠢᠯᠢᠭ ᠲᠤ 《ᠡᠭᠦᠯᠳᠡᠷ ᠰᠠᠢ᠌ᠵᠢᠷᠠᠭᠤᠯᠤᠯᠳᠠ》 ᠭᠢᠭ᠍ᠰᠡᠨ ᠴᠢᠬᠤᠯᠠ ᠨᠢᠭᠡ ᠳᠤᠷᠰᠢᠯᠳᠠ ᠶᠢᠨ ᠦᠷ᠎ᠡ ᠪᠦᠳᠦᠮᠵᠢ ᠮᠦᠨ᠃ ᠮᠤᠩᠭ᠋ᠤᠯ ᠳᠠᠭᠤᠤ ᠪᠠᠨ ᠳᠠᠭᠤᠯᠠᠭᠠᠤᠨ ᠦᠨᠦᠷ ᠠᠮᠳᠠ ᠦᠭᠡᠶ ᠭᠡᠵᠤ ᠥᠵᠡᠭ᠍ᠰᠡᠨ ᠪᠣᠶᠤ᠂ ᠬᠠᠷᠢ ᠭᠢᠳᠠᠤᠨ ᠡᠴᠡ ᠨᠢᠭᠤᠷ ᠳᠠᠯ᠎ᠠ ᠣᠯᠬᠤ ᠶᠢᠨ ᠲᠦᠯᠦᠭᠡ (ᠮᠤᠩᠭ᠋ᠤᠯ ᠳᠠᠭᠤᠤ ᠶᠢ ᠭᠢᠳᠠᠤᠨ ᠶᠢᠡᠷ ᠳᠠᠭᠤᠯᠠᠪᠠᠯ ᠰᠠ‍‌ᠶᠢ ᠭᠢᠳᠠᠤᠨ ᠲᠤ ᠮᠡᠳᠡᠷᠡᠭ᠍ᠳᠡᠵᠤ ᠳᠠᠢ᠌ᠯᠤᠨ᠎ᠡ ᠭᠡᠳᠡᠭ᠌ ᠡ᠊ᠨᠳᠡᠭᠦᠤ ᠦᠵᠡᠯᠳᠠ) ᠭᠡᠰᠡᠭ᠌ ᠪᠦᠯᠦᠭ᠌ ᠭᠦᠮᠦᠰ ᠶᠠᠭ ᠯᠠ ᠮᠤᠩᠭ᠋ᠤᠯ ᠥᠭᠡᠷ ᠤᠨ ᠪᠦᠭ᠍ᠰᠡᠨ ᠳᠤ ᠬᠠᠷᠢ ᠣᠳᠤᠮ ᠤᠨ ᠦᠷ᠎ᠡ ᠳᠠᠷᠢᠭᠰᠠᠨ ᠰᠢᠭ ᠢᠷᠠᠭᠤ ᠳᠤᠩᠭ᠋ᠠᠯᠠᠭ ᠮᠤᠩᠭ᠋ᠤᠯ ᠠᠶᠠᠰ ᠤᠨ ᠳᠡᠭᠡᠷ᠎ᠡ ᠭᠢᠳᠠᠤᠨ ᠥᠭᠡ ᠶᠢ ᠨᠤᠲ᠋ ᠤᠨ ᠵᠠᠪᠰᠠᠷ ᠶᠢᠡᠷ ᠬᠠᠪᠴᠢᠭᠤᠯᠤᠭᠰᠠᠨ ᠶᠤᠮ᠃ ᠳᠡᠭᠦᠨ ᠤ ᠳ᠋ᠦ᠋ᠩ ᠳᠤ ᠭᠠᠷᠤᠭᠰᠠᠨ ᠳᠠᠭᠤᠤ ᠨᠢ ᠶᠠᠭ ᠯᠠ ᠮᠤᠩᠭ᠋ᠤᠯ ᠥᠭᠡᠷ ᠡᠴᠡ ᠣᠨᠠᠭᠰᠠᠨ ᠰᠢᠮᠸᠠᠳᠠᠷ ᠪᠣᠬ᠎ᠠ ᠰᠢᠭ ᠮᠤᠠᠳᠤᠭ ᠶᠠᠭᠤᠮ᠎ᠠ ᠮᠡᠡᠳᠦᠯᠦᠭᠡᠳ ᠨᠠᠢ᠌ᠷ ᠤᠨ ᠰᠢᠷᠡᠭᠡ᠂ ᠳᠦᠷᠤ ᠶᠢᠨ ᠳᠠᠢ᠌ᠯᠠᠯᠭ᠎ᠠ ᠳᠤ ᠮᠤᠩᠭ᠋ᠤᠯ ᠭᠢᠳᠠᠤᠨ ᠳᠠᠷᠤᠭ᠎ᠠ ᠨᠤᠶᠠᠤᠨ ᠤᠨ ᠡᠷᠭᠡᠪᠠᠰᠢ ᠰᠤᠨᠤᠰᠳᠠᠭ 《ᠰᠠᠢ᠌ᠨ ᠡᠭᠦᠯᠳᠡᠷ ᠤᠨ ᠳᠠᠭᠤᠤ ᠪᠣᠯᠵᠠᠢ》᠃

ᠳᠠᠯ᠎ᠠ ᠨᠤᠳᠤᠭ ᠤᠨ ᠳᠠᠭᠤᠤ ᠮᠡᠡᠳᠦᠯᠡᠭ᠍ᠰᠡᠨ ᠨᠢ ᠳᠤᠩ ᠶᠡᠭᠡ ᠠᠮᠵᠢᠯᠳᠠ ᠣᠯᠤᠭᠰᠠᠨ ᠭᠡᠳᠡᠭ᠌ ᠢ ᠪᠢᠳᠠ ᠣᠳᠤᠭᠢ ᠠᠷᠠᠤᠨ ᠤᠨ ᠳᠠᠭᠤᠤ ᠡᠴᠡ ᠮᠠᠳᠠᠵᠤ ᠪᠣᠯᠤᠨ᠎ᠠ᠃ ᠠᠷᠠᠤᠨ ᠤᠨ ᠳᠠᠭᠤᠤ ᠶᠢ ᠭᠢᠳᠠᠤᠨ ᠶᠢᠡᠷ ᠳᠠᠭᠤᠯᠠᠭᠰᠠᠨ ᠶᠠᠪᠣᠳᠠᠯ ᠪᠣᠯ ᠳᠠᠭᠤᠤ ᠣᠷᠠᠯᠢᠭ ᠲᠤ ᠡᠭᠦᠯᠳᠡᠷ ᠰᠠᠢ᠌ᠵᠢᠷᠠᠭᠤᠯᠤᠭᠰᠠᠨ ᠤ ᠦᠷᠭᠦᠯᠵᠢᠯᠡᠯ ᠮᠦᠷᠳᠡᠭᠡᠨ ᠳᠡᠭᠡᠳᠤ ᠭᠡᠮᠵᠢᠶᠡᠨ ᠤ ᠠᠯᠬᠤᠮ ᠳᠠᠪᠰᠢᠯᠳᠠ ᠭᠡᠵᠤ ᠦᠵᠡᠵᠤ ᠪᠣᠯᠤᠨ᠎ᠠ᠃ ᠢᠩᠭᠢᠵᠤ ᠰᠠᠢ᠌ᠵᠢᠷᠠᠭᠤᠯᠤᠭᠰᠠᠨ ᠳᠠᠭᠤᠤ ᠨᠢ ᠠᠯᠬᠤᠮ ᠠᠯᠬᠤᠮ ᠶᠢᠡᠷ ᠮᠤᠩᠭ᠋ᠤᠯ ᠭᠡᠯᠡ ᠡᠴᠡ ᠪᠠᠨ ᠰᠠᠯᠤᠩᠭᠢᠷᠠᠵᠤ᠂ ᠪᠠᠰᠠ ᠣᠳᠤᠭᠢ ᠣᠷᠤᠰᠬᠠᠯ ᠢ ᠳᠠᠭᠠᠭᠰᠠᠨ ᠳᠠᠭᠤᠴᠢᠳ ᠤᠨ ᠠᠮᠠᠨ ᠳᠤ ᠣᠷᠤᠭᠠᠤᠨ ᠫᠣᠪ ᠳᠠᠭᠤᠤ ᠭᠡᠳᠡᠯ᠎ᠡ ᠷᠤᠺ ᠳᠠᠭᠤᠨ ᠤ ᠠᠶ᠎ᠠ ᠪᠣᠯᠭᠠᠨ ᠥᠭᠡᠷᠴᠢᠯᠡᠵᠤ ᠳᠠᠭᠤᠯᠠᠵᠤ ᠪᠠᠢ᠌ᠭᠰᠠᠭᠠᠷ ᠬᠠᠷᠢᠨ ᠠᠶ᠎ᠠ ᠳᠠᠭᠤᠤ ᠪᠦᠭᠦᠳᠡ ᠶᠢ ᠡᠭᠦᠯᠳᠡᠷ ᠬᠤᠪᠢᠷᠠᠭᠤᠯᠵᠤ ᠬᠠᠶᠠᠬᠤ ᠣᠴᠢᠷ᠃ ᠢᠩᠭᠢᠪᠠᠯ ᠮᠤᠩᠭ᠋ᠤᠯ ᠳᠠᠭᠤᠤ ᠮᠠᠨᠢ ᠵᠢᠩᠭᠢᠨᠢ 《ᠠᠮᠵᠢᠯᠳᠠ ᠣᠯᠵᠤ》 ᠪᠣᠰᠤᠳ ᠦᠨᠳᠦᠰᠦᠳᠠᠨ ᠤ ᠨᠠᠷ᠎ᠠ ᠳᠡᠭᠡᠷ᠎ᠡ ᠳᠡᠮᠳᠡᠭᠯᠡᠭ᠍ᠳᠡᠭᠦ ᠪᠣᠯᠤᠨ᠎ᠠ᠃

ᠳᠠᠮᠠᠢ ᠣᠳᠠᠯ ᠦᠭᠡᠶ ᠰᠤᠷᠭᠠᠨ ᠭᠦᠮᠦᠵᠢᠯ ᠤᠨ ᠠᠵᠢᠯᠳᠠᠤᠨ ᠮᠠᠨᠢ ᠦᠪᠣᠷ ᠮᠤᠩᠭ᠋ᠤᠯ ᠤᠨ ᠮᠠᠯ ᠠᠵᠤ ᠠᠬᠤᠢ ᠪᠠ ᠰᠤᠶᠤᠯ ᠣᠷᠠᠯᠢᠭ ᠤᠨ ᠣᠢ᠌ᠯᠠᠰ ᠲᠤ ᠭᠢᠭ᠍ᠰᠡᠨ ᠡᠭᠦᠯᠳᠡᠷ ᠰᠠᠢ᠌ᠵᠢᠷᠠᠭᠤᠯᠤᠯᠳᠠ ᠶᠢᠨ ᠬᠤᠤᠰ ᠠᠮᠵᠢᠯᠳᠠ ᠶᠢᠨ ᠳᠡᠭᠡᠷ᠎ᠡ ᠪᠠᠰᠠ ᠨᠢᠭᠡᠨ ᠠᠮᠵᠢᠯᠳᠠ ᠨᠠᠮᠠᠵᠠᠢ᠃

ᠭᠦᠮᠤᠨ ᠢ ᠡᠭᠦᠯᠳᠡᠷ ᠰᠠᠢ᠌ᠵᠢᠷᠠᠭᠤᠯᠬᠤ ᠳᠤ ᠳᠦᠷᠰᠦᠭᠦᠢᠳᠡᠵᠤ ᠭᠡᠯᠡᠪᠠᠯ ᠮᠤᠩᠭ᠋ᠤᠯ ᠥᠭᠡᠷ ᠢ ᠰᠢᠭ᠌ ᠴᠢᠰᠤ ᠶᠢ ᠨᠢ ᠬᠤᠪᠢᠷᠠᠭᠤᠯᠬᠤ ᠳᠤ ᠭᠦᠢᠴᠡᠳ ᠰᠠᠢ᠌ᠵᠢᠷᠠᠵᠤ ᠳᠠᠢ᠌ᠯᠤᠨ᠎ᠡ᠃ ᠭᠡᠪᠠᠴᠤ ᠰᠤᠶᠤᠯ ᠶᠢᠡᠷ 《ᠰᠠᠢ᠌ᠵᠢᠷᠠᠭᠤᠯᠬᠤ》 ᠨᠢ ᠨᠠᠩ ᠴᠢᠬᠤᠯᠠ ᠪᠠᠢ᠌ᠳᠠᠭ᠃

ᠣᠳᠤᠭᠢ ᠮᠤᠩᠭ᠋ᠤᠯ ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ ᠳᠤ ᠳᠤᠷᠰᠢᠯᠳᠠ ᠶᠢᠨ ᠠᠩᠭᠢ ᠶᠠᠪᠣᠬᠤ ᠳᠤᠳᠤᠮ ᠣᠯᠠᠰᠢᠷᠠᠯ᠎ᠠ᠃ ᠳᠤᠰ ᠠᠩᠭᠢ ᠨᠢ ᠮᠤᠩᠭ᠋ᠤᠯ ᠭᠡᠯᠡ ᠡᠴᠡ ᠪᠠᠨ ᠡᠭᠦᠷᠢᠳᠡ ᠵᠠᠢ᠌ᠳᠠᠬᠤ ᠮᠦᠷᠳᠡᠭᠡᠨ ᠡᠨᠡᠭᠦ ᠵᠠᠢ᠌ᠳᠠᠬᠤ ᠳᠤᠷᠰᠢᠯᠳᠠ ᠨᠢ ᠶᠠᠪᠣᠬᠤ ᠳᠤᠳᠤᠮ 《ᠠᠮᠵᠢᠯᠳᠠ ᠣᠯᠵᠤ》᠂ ᠠᠩᠭᠢ ᠨᠢ ᠶᠠᠪᠣᠬᠤ ᠳᠤᠳᠤᠮ ᠦᠷᠭᠡᠳᠭᠡᠭᠦ ᠦᠭᠡᠶ ᠪᠠᠢ᠌ᠬᠤ ᠶᠢᠨ ᠠᠷᠭ᠎ᠠ ᠦᠭᠡᠶ ᠪᠣᠯᠵᠠᠢ᠃ ᠡᠨᠡᠭᠦ ᠭᠢᠳᠠᠤᠨ ᠰᠤᠷᠤᠭᠴᠢ ᠲᠡᠶ ᠦᠷᠢᠰᠦᠯᠳᠦᠭᠦᠯᠭᠦ ᠭᠦᠴᠤᠨ ᠢ ᠴᠢᠩᠭ᠋ᠠᠳᠬᠠᠬᠤ ᠳᠤ ᠪᠠᠯᠠᠢ ᠬᠤᠴᠤᠷᠠᠩᠭ᠋ᠤᠢ ᠮᠤᠩᠭ᠋ᠤᠯ ᠭᠡᠯᠡ ᠶᠢ ᠣᠭᠤᠷᠴᠤ ᠭᠢᠳᠠᠤᠨ ᠶᠢᠡᠷ ᠭᠢᠴᠢᠶᠠᠯ ᠣᠷᠤᠳᠠᠭ ᠪᠣᠶᠤ ᠮᠤᠩᠭ᠋ᠤᠯ ᠭᠢᠴᠢᠶᠠᠯ ᠤᠨ ᠳᠠᠪᠳᠠᠷ ᠪᠠᠷᠢᠵᠤ ᠭᠢᠳᠠᠤᠨ ᠶᠢᠡᠷ ᠭᠢᠴᠢᠶᠠᠯ ᠣᠷᠤᠳᠠᠭ ᠪᠣᠯᠤᠭᠰᠠᠨ᠃ ᠢᠩᠭᠢᠭᠡᠳ ᠰᠤᠷᠤᠭᠴᠢᠳ ᠳᠤᠰ ᠠᠩᠭᠢ ᠳᠤ ᠪᠣᠯᠪᠠᠰᠤᠷᠠᠯ ᠭᠦᠷᠳᠡᠭᠡᠳ ᠮᠤᠩᠭ᠋ᠤᠯ ᠪᠢᠴᠢᠭ᠌ ᠨᠢ ᠫᠠᠤᠨ ᠪᠣᠯᠵᠤ ᠭᠢᠳᠠᠤᠨ ᠪᠢᠴᠢᠭ᠌ ᠶᠢᠡᠷ ᠭᠦᠮᠦᠵᠢᠭ᠍ᠳᠡᠨ 《ᠰᠠᠢ᠌ᠨ ᠡᠭᠦᠯᠳᠡᠷ ᠤᠨ ᠶᠠᠭᠤᠮ᠎ᠠ》 ᠪᠣᠯᠵᠤ ᠭᠠᠷᠳᠠᠭ ᠪᠠᠢ᠌ᠨ᠎ᠠ᠃

ᠵᠠ᠂ ᠴᠠᠯᠴᠢᠬᠤ ᠪᠠᠨ ᠪᠣᠯᠢᠶ᠎ᠠ᠃ ᠡᠭᠦᠯᠳᠡᠷ ᠰᠠᠢ᠌ᠵᠢᠷᠠᠭᠤᠯᠤᠯᠳᠠ ᠶᠢᠨ ᠳᠠᠷᠠᠭ᠎ᠠ ᠬᠠᠷᠠᠯᠳᠠ ᠳᠤ ᠮᠠᠷᠭᠠᠰᠢ ᠬᠠᠮᠢᠭ᠎ᠠ ᠡᠴᠡ ᠨᠢ ᠭᠠᠷᠳᠠᠳᠠᠭ ᠪᠣᠯ ︖


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠤᠩᠭ᠋ᠤᠯ ᠰᠤᠳᠤᠯᠤᠯ ᠤᠨ ᠳᠡᠭᠡᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ·ᠴᠡᠩᠭᠡᠷ ᠡᠪᠠᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6167
ᠴᠠᠭ᠄ 2012 ᠤᠨ ᠤ 02 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ