☆ ᠰᠤᠶᠤᠯᠪᠠᠶᠠᠷ
ᠬᠤᠨᠳᠠᠭᠡ ᠵᠢᠨ ᠢᠷᠤᠬᠡᠯ
ᠣᠮ ᠰᠠᠢ᠌ᠨ ᠠᠮᠤᠭᠤᠯᠠᠩ ᠪᠣᠯᠳᠤᠭᠠᠢ ︕
ᠡᠩᠭᠡ ᠰᠠᠢ᠌ᠨ ᠵᠢᠷᠭᠠᠯᠠᠩ ᠪᠣᠯᠳᠤᠭᠠᠢ ︕
ᠨᠠᠷᠠᠨ ᠭᠠᠷᠪᠠᠯ ᠭᠡᠷᠡᠯ ᠳᠡᠢ
ᠨᠠᠡᠭᠵᠢᠤᠨ ᠳᠠᠭᠢᠯ ᠤᠨ ᠢᠷᠦᠭᠡᠯ ᠳᠠᠢ
ᠰᠠᠷᠠᠨ ᠭᠠᠷᠪᠠᠯ ᠭᠡᠷᠡᠯ ᠳᠡᠢ
ᠰᠠᠷᠬᠤᠤᠨ ᠳᠠᠭᠢᠯ ᠤᠨ ᠢᠷᠦᠭᠡᠯ ᠳᠠᠢ
ᠠᠷᠢᠭᠢ ᠨᠠᠷᠠ ᠲᠡᠶ ᠪᠣᠯᠪᠠᠴᠤ
ᠷᠠᠰᠢᠶᠠᠨ ᠴᠢᠨᠠᠷ ᠳᠠᠢ
ᠰᠠᠷᠬᠤᠤᠨ ᠨᠠᠷᠠ ᠲᠡᠶ ᠪᠣᠯᠪᠠᠴᠤ
ᠨᠠᠡᠭᠵᠢᠤᠨ ᠤᠨ ᠴᠢᠨᠠᠷ ᠳᠠᠢ
ᠴᠢᠩ ᠴᠠᠭᠠᠨ ᠴᠢᠯᠠᠭᠤ ᠪᠠᠷ
ᠴᠢᠬᠳᠠᠭ᠎ᠠ ᠪᠠᠨ ᠭᠢᠵᠤ
ᠴᠢᠠᠳᠠᠮᠤᠨᠢ ᠭᠡᠭ᠍ᠴᠢ ᠭᠤᠷᠪᠠᠨ ᠡᠷᠳᠡᠨᠢ ᠪᠠᠷ
ᠳᠤᠯᠭᠠᠭᠤᠷᠢ ᠪᠠᠨ ᠭᠢᠵᠤ᠂
ᠭᠦᠤ ᠪᠠᠷ ᠶᠢᠡᠨ ᠲᠦᠷᠦ ᠶᠢᠨ ᠳᠤᠪᠴᠢ ᠭᠢᠵᠠᠢ
ᠭᠡᠦᠭᠡᠨ ᠶᠢᠡᠷ ᠶᠢᠡᠨ ᠬᠠᠷᠢ ᠶᠢᠨ ᠳᠤᠪᠴᠢ ᠭᠢᠵᠠᠢ᠂
ᠵᠢᠭᠡ ᠪᠠᠨ ᠳᠠᠨᠢᠬᠤ ᠦᠭᠡᠶ ᠦᠨᠢᠷ ᠣᠯᠠᠨ ᠪᠣᠯᠵᠤ
ᠵᠡᠭᠡᠷᠳᠡ ᠪᠠᠨ ᠳᠠᠨᠢᠬᠤ ᠦᠭᠡᠶ ᠥᠷᠭᠡᠨ ᠪᠠᠶᠠᠨ ᠪᠣᠯᠵᠤ
ᠥᠭᠦᠯ ᠦᠭᠡᠶ ᠮᠥᠩᠭᠡ ᠶᠢᠨ ᠰᠢᠳᠢ ᠵᠢ ᠣᠯᠵᠤ
ᠥᠭᠡᠢ᠌ᠷᠡᠯ ᠦᠭᠡᠶ ᠪᠠᠶᠠᠨ ᠰᠢᠳᠢ ᠵᠢ ᠣᠯᠵᠤ ᠂
ᠰᠦᠮᠪᠦᠷ ᠠᠭᠤᠯᠠ ᠮᠠᠳᠤ
ᠰᠢᠯᠵᠢᠰᠢ ᠦᠭᠡᠶ ᠶᠡᠭᠡ ᠵᠠᠶᠠᠭ᠎ᠠ ᠳᠠᠢ
ᠰᠦᠨ ᠳᠠᠯᠠᠢ ᠮᠠᠳᠤ
ᠰᠢᠷᠭᠢᠰᠢ ᠦᠭᠡᠶ ᠶᠡᠭᠡ ᠪᠣᠶᠠᠨ ᠲᠡᠶ᠂
ᠦᠨᠳᠦᠷ ᠰᠠᠢ᠌ᠬᠠᠨ ᠳᠠᠠᠵᠢᠨ ᠳᠡᠭᠡᠷ᠎ᠡ
ᠥᠷᠭᠦᠭᠡ ᠪᠠᠨ ᠪᠠᠷᠢᠵᠤ
ᠥᠷᠭᠡᠨ ᠰᠠᠢ᠌ᠬᠠᠨ ᠳᠠᠯ᠎ᠠ ᠳ᠋ᠠᠭᠠᠨ
ᠦᠨᠢᠷ ᠰᠥᠷᠦᠭ᠌ ᠶᠢᠡᠨ ᠪᠢᠯᠬᠠᠭᠤᠯᠵᠤ ᠂
ᠡᠯᠢᠭᠡ ᠪᠠᠷ ᠶᠢᠡᠨ ᠡᠩᠭᠡ ᠰᠠᠢ᠌ᠨ
ᠲᠦᠷᠦᠯ ᠶᠢᠡᠷ ᠶᠢᠡᠨ ᠲᠦᠪ ᠰᠠᠢ᠌ᠨ ᠪᠣᠯᠳᠤᠭᠠᠢ᠃
ᠬᠤᠷᠤᠢ᠂ ᠬᠤᠷᠤᠢ ᠂ ᠬᠤᠷᠤᠢ
ᠵᠤᠬᠢᠶᠠᠭᠴᠢ ᠶᠢᠨ ᠬᠠᠶᠢᠭ᠄ ᠪᠡᠶᠠᠨᠨᠠᠭᠤᠷ ᠬᠤᠳᠠ ᠶᠢᠨ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠰᠤᠶᠤᠯᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠶᠤᠯ ᠣᠷᠠᠯᠢᠭᠳᠠᠷᠤᠮ᠄ 54508
ᠴᠠᠭ᠄ 2014 ᠤᠨ ᠤ 12 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ