ᠨᠡᠪᠲᠡᠷᠡᠨ ᠤᠷᠤᠬᠤ
ᠪᠦᠰᠡᠭᠦᠢ ᠮᠢᠨᠢ

ᠡᠯᠢᠭᠡᠨ ᠳᠡᠭᠡᠨ ᠴᠢᠮ᠎ᠠ ᠶᠢ ᠳᠠᠪᠠᠷᠢᠨ ᠰᠠᠭᠤᠬᠤ ᠳᠠᠭᠠᠨ

ᠡᠩᠭᠦᠷᠡᠢ᠌ᠯᠡᠨ ᠴᠢᠮ᠎ᠠ ᠪᠠᠨ ᠰᠠᠨᠠᠭᠰᠠᠨ ᠶᠤᠮ

ᠡᠭᠦᠷᠢᠳᠡ ᠴᠢᠮ᠎ᠠ ᠲᠡᠶ ᠶᠢᠡᠨ ᠴᠤᠭᠯᠠᠬᠤ ᠭᠡᠵᠤ

ᠡᠭᠡᠨᠡᠭ᠍ᠳᠡ ᠪᠢ ᠵᠢᠳᠭᠦᠵᠤ ᠶᠠᠪᠣᠭᠰᠠᠨ


ᠪᠣᠳᠤᠯ ᠳᠠᠭᠠᠨ ᠴᠢᠮ᠎ᠠ ᠶᠢ ᠦᠨᠢᠳᠠ ᠮᠥᠩᠭᠡᠷᠡᠭᠦᠯᠵᠤ

ᠪᠣᠷᠬᠠᠨ ᠢ ᠭᠦᠷᠳᠡᠯ᠎ᠡ ᠳᠤᠯᠤᠭᠠᠢ ᠭᠤᠭᠢᠯᠵᠠᠭᠤᠯᠤᠭᠰᠠᠨ

ᠪᠦᠰᠡᠭᠦᠢ ᠴᠢᠮ᠎ᠠ ᠪᠠᠨ ᠬᠠᠷᠠᠭᠠᠤᠨ ᠬᠠᠨᠤᠰᠢ ᠦᠭᠡᠶ

ᠪᠦᠪᠠᠢ᠌ᠯᠠᠨ ᠰᠠᠭᠤᠬᠤ ᠨᠢ ᠴᠤ ᠵᠢᠷᠭᠠᠯ ᠶᠤᠮ ᠡ


ᠠᠭᠠᠭᠢᠮ᠎ᠠ ᠵᠤᠨ ᠤ ᠬᠠᠯᠠᠭᠤᠨ ᠨᠠᠷᠠ ᠶᠢ ᠳᠠᠯᠳᠠᠯᠠᠵᠤ

ᠠᠰᠬ᠎ᠠ ᠮᠤᠳᠤ ᠪᠣᠯᠵᠤ ᠴᠢᠮ᠎ᠠ ᠶᠢ ᠰᠡᠷᠢᠭᠦᠴᠡᠭᠦᠯᠭᠦ ᠪᠢ ᠳᠤᠷᠠᠳᠠᠢ

ᠠᠯᠳᠠᠨ ᠳᠡᠯᠡᠭᠡᠢ ᠶᠢᠨ ᠵᠢᠷᠭᠠᠯ ᠢ ᠴᠢᠮ᠎ᠠ ᠳᠤ ᠡᠳ᠋ᠯᠡᠭᠦᠯᠵᠤ

ᠠᠮᠠᠷᠠᠭ ᠴᠢᠨᠢ ᠪᠣᠯᠬᠤ ᠨᠠᠩ ᠴᠤ ᠳᠤᠷᠠᠳᠠᠢ


ᠠᠯᠢᠶ᠎ᠠ ᠬᠤᠩᠭ᠋ᠤᠷ ᠪᠦᠰᠡᠭᠦᠢ ᠮᠢᠨᠢ ᠴᠢ

ᠡᠨᠡ ᠳᠡᠯᠡᠭᠡᠢ ᠳᠤ ᠬᠠᠮᠤᠭ ᠵᠢᠷᠭᠠᠯᠳᠠᠢ ᠪᠠᠢ᠌ᠬᠤ ᠶᠤᠰᠤᠳᠠᠢ

ᠠᠮᠠᠷᠠᠭ ᠬᠤᠩᠭ᠋ᠤᠷ ᠪᠦᠰᠡᠭᠦᠢ ᠮᠢᠨᠢ ᠴᠢ

ᠡᠨᠡ ᠬᠤᠷᠸ᠎ᠠ ᠳᠤ ᠮᠥᠩᠭᠡ ᠬᠠᠢ᠌ᠷ᠎ᠠ ᠡᠳ᠋ᠯᠡᠭᠦ ᠣᠴᠢᠷᠳᠠᠢ


ᠠᠯᠳᠠ ᠪᠠᠢ ᠰᠤᠯᠢᠬᠤ ᠦᠭᠡᠶ ᠴᠢ ᠪᠢᠳᠠᠨ ᠤ ᠬᠠᠢ᠌ᠷ᠎ᠠ

ᠠᠷᠢᠭᠤᠨ ᠳᠤᠩᠭ᠋ᠠᠯᠠᠭ ᠭᠡᠪ ᠪᠠᠷ ᠶᠢᠡᠨ ᠮᠥᠩᠭᠡᠷᠡᠭᠦ ᠪᠣᠯᠤᠭᠠᠰᠠᠢ

ᠮᠥᠩᠭᠦ ᠪᠠᠷ ᠴᠤ ᠰᠤᠯᠢᠬᠤ ᠦᠭᠡᠶ ᠴᠢ ᠪᠢᠳᠠᠨ ᠤ ᠬᠠᠢ᠌ᠷ᠎ᠠ

ᠡᠡᠯᠡᠮᠡᠭ᠌ ᠰᠠᠷᠠᠨ ᠤ ᠭᠡᠷᠡᠯ ᠰᠢᠭ᠌ ᠳᠤᠩᠭ᠋ᠠᠯᠠᠭ ᠪᠣᠯᠤᠭᠠᠰᠠᠢ


ᠪᠦᠰᠡᠭᠦᠢ ᠴᠢ ᠮᠢᠨᠢ ᠭᠤᠶᠤᠬᠠᠨ ᠶᠤᠮ ᠡ

ᠠᠮᠠᠷᠠᠭ ᠮᠢᠨᠤᠭᠢ ᠪᠠᠨ ᠨᠠᠷᠠ ᠶᠤᠮ ᠡ

ᠪᠦᠰᠡᠭᠦᠢ ᠴᠢ ᠮᠢᠨᠢ ᠭᠡᠭᠡᠡᠴᠢᠷ ᠶᠤᠮ ᠡ

ᠪᠠᠳᠠᠭ ᠰᠢᠯᠦᠭ᠌ ᠤᠨ ᠮᠢᠨᠢ ᠭᠦᠢᠰᠤ ᠶᠤᠮ ᠡ


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠳᠤᠮᠳᠠᠳᠤ ᠬᠤᠰᠢᠭᠤᠨ ᠤ ᠭᠦᠡᠳᠡᠯᠡᠨ ᠰᠤᠮᠤᠨ ᠤ ᠳᠠᠢ᠌ᠳᠠᠭ ᠭᠠᠴᠠᠭ᠎ᠠ

ᠵᠤᠬᠢᠶᠠᠭᠴᠢ᠄ ᠬᠠᠨᠠᠭᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2011 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ