ᠨᠡᠪᠲᠡᠷᠡᠨ ᠤᠷᠤᠬᠤ
ᠡᠷᠭᠢᠮ ᠳᠠᠨ ᠤ ᠰᠠᠢ᠌ᠨ ᠢ

ᠠᠵᠢᠯ ᠳᠤ ᠳᠤᠷ᠎ᠠ ᠲᠡᠶ ᠭᠦᠩᠭᠡᠨ ᠪᠣᠰᠢᠭᠤ ᠭᠦᠳᠡᠯᠦᠯ

ᠠᠬ᠎ᠠ ᠳᠡᠭᠦᠤ ᠳᠤ ᠨᠠᠢ᠌ᠷ ᠲᠡᠶ ᠡᠶᠡᠯᠳᠡᠭ᠌ ᠵᠥᠭᠡᠯᠡᠨ ᠠᠭᠠᠰᠢ

ᠠᠰᠤᠷᠤ ᠡᠷᠭᠢᠮ ᠳᠠᠨ ᠤ ᠠᠯᠢ ᠳᠠᠷᠠ ᠰᠠᠢ᠌ᠨ ᠢ

ᠠᠪᠣᠭᠠᠤᠨ ᠭᠡᠯᠡᠭᠦ ᠳᠤ ᠭᠡᠯᠡ ᠮᠢᠨᠢ ᠮᠤᠬᠤᠭᠠᠳ ᠪᠣᠯᠬᠤ ᠦᠭᠡᠶ

ᠵᠦᠳᠡᠷᠡᠯ ᠡᠴᠡ ᠪᠣᠴᠠᠬᠤ ᠦᠭᠡᠶ ᠣᠷᠤᠭᠰᠢ ᠰᠠᠢ᠌ᠨ ᠲᠡᠶ ᠵᠤᠷᠢᠭ

ᠵᠦᠢ᠌ ᠡᠴᠡ ᠭᠠᠵᠢᠬᠤ ᠦᠭᠡᠶ ᠵᠢᠷᠤᠮ ᠶᠤᠰᠤ ᠲᠡᠶ ᠠᠭᠠᠯᠢ

ᠵᠢᠷᠦᠭᠡᠨ ᠤ ᠡᠷᠭᠢᠮ ᠳᠠᠨ ᠤ ᠠᠯᠢ ᠳᠠᠷᠠ ᠰᠠᠢ᠌ᠨ ᠢ

ᠵᠣᠢ᠌ᠷᠯᠠᠨ ᠭᠡᠯᠡᠭᠦ ᠳᠤ ᠭᠡᠯᠡ ᠮᠢᠨᠢ ᠮᠤᠬᠤᠭᠠᠳ ᠪᠣᠯᠬᠤ ᠦᠭᠡᠶ

ᠭᠡᠯᠡ ᠥᠭᠡ ᠴᠢᠨᠢ ᠢᠷᠠᠭᠤ ᠰᠠᠢ᠌ᠬᠠᠨ ᠭᠦᠭ᠍ᠵᠢᠮ ᠰᠢᠭ᠌

ᠭᠡᠯᠪᠠᠷᠢ ᠳᠦᠷᠢ ᠴᠢᠨᠢ ᠭᠠᠩᠬᠤᠮᠠᠯ ᠭᠤᠶᠤᠬᠠᠨ ᠴᠡᠴᠡᠭ᠌ ᠰᠢᠭ᠌

ᠭᠡᠳᠦᠷᠭᠡᠢ ᠡᠷᠭᠢᠮ ᠳᠠᠨ ᠤ ᠠᠯᠢ ᠰᠠᠢ᠌ᠨ ᠢ

ᠭᠡᠯᠡᠨ ᠭᠡᠯᠡᠭᠦ ᠳᠤ ᠭᠡᠯᠡ ᠮᠢᠨᠢ ᠮᠤᠬᠤᠭᠠᠳ ᠪᠣᠯᠬᠤ ᠦᠭᠡᠶ

ᠣᠯᠠᠪᠤᠷ ᠴᠠᠭᠠᠨ ᠴᠢᠷᠠᠢ ᠳᠤ ᠴᠢᠨᠢ ᠨᠠᠷᠠᠨ ᠤ ᠢᠯᠴᠢ ᠳᠤᠶᠠᠭᠠᠷᠠᠭᠰᠠᠨ

ᠣᠷᠠᠨ ᠳᠤᠩᠭ᠋ᠠᠯᠠᠭ ᠨᠢᠳᠤᠨ ᠳᠤ ᠴᠢᠨᠢ ᠰᠠᠷᠠᠨ ᠤ ᠭᠡᠷᠡᠯ ᠮᠡᠯᠡᠷᠡᠭ᠍ᠰᠡᠨ

ᠣᠶᠠᠬᠠᠨ ᠡᠷᠭᠢᠮ ᠳᠠᠨ ᠤ ᠠᠯᠢ ᠳᠠᠷᠠ ᠰᠠᠢ᠌ᠨ ᠢ

ᠣᠶᠠᠩᠭ᠋ᠠᠯᠠᠨ ᠭᠡᠯᠡᠭᠦ ᠳᠤ ᠭᠡᠯᠡ ᠮᠢᠨᠢ ᠮᠤᠬᠤᠭᠠᠳ ᠪᠣᠯᠬᠤ ᠦᠭᠡᠶ


(1945 ᠣᠨ ᠤ 11ᠰᠠᠷ᠎ᠠ ᠶᠢᠨ 28 ᠊ᠤ ᠡᠳᠦᠷ)

ᠵᠤᠬᠢᠶᠠᠭᠴᠢ᠄ ᠨᠠ᠊·ᠰᠠᠢ᠌ᠠᠴᠤᠭᠳᠤ
ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 2997
ᠴᠠᠭ᠄ 2008 ᠤᠨ ᠤ 12 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ