ᠨᠡᠪᠲᠡᠷᠡᠨ ᠤᠷᠤᠬᠤ
ᠳᠠᠮᠠᠤᠯᠠᠯ

ᠰᠤᠷᠤᠭᠴᠢ ᠊᠊᠊᠊᠊᠊᠊᠊᠊᠊᠊᠊᠊᠊᠊ ᠮᠢᠨᠤ ᠣᠢ᠌ᠯᠠᠰ ᠤᠨ ᠬᠤᠷᠸ᠎ᠠ ᠳᠤ ᠬᠠᠮᠤᠭ ᠤᠨ ᠬᠠᠢ᠌ᠷᠠᠯᠠᠯᠳᠠᠢ᠂ ᠬᠠᠮᠤᠭ ᠡᠴᠡ ᠭᠦᠡᠳᠦᠳᠭᠡᠯᠳᠡᠢ ᠡᠵᠡᠨ ᠪᠠᠶ᠎ᠠ᠃

ᠬᠤᠷᠢᠭᠠᠤᠨ ᠵᠢᠯ ᠤᠨ ᠣᠢ᠌ᠯᠠᠰ ᠤᠨ ᠬᠠᠷᠭᠤᠢ ᠳᠤ ᠰᠤᠷᠤᠭᠴᠢ ᠲᠡᠶ ᠬᠠᠨᠢᠯᠠᠨ ᠶᠠᠪᠣᠬᠤ ᠳᠤ ᠪᠠᠨ ᠬᠠᠶᠠ ᠵᠠᠷᠢᠮ ᠬᠠᠮᠳᠤ ᠠᠵᠢᠯᠯᠠᠭᠰᠠᠤᠨ 《ᠰᠤᠷᠤᠭᠴᠢ ᠲᠡᠶ ᠴᠤ ᠪᠠᠰᠠ ᠶᠠᠭᠤ ᠶᠠᠷᠢᠬᠤ ᠪᠣᠢ︖》 ᠭᠡᠵᠤ ᠨᠠᠮ᠎ᠠ ᠶᠢ ᠡᠯᠡᠭᠯᠡᠨ ᠪᠠᠢ᠌ᠭ᠎ᠠ ᠴᠤ ᠭᠡᠮᠡᠷ ᠡᠭ᠍ᠳᠡᠭᠦᠴᠡᠨ ᠪᠠᠢ᠌ᠭ᠎ᠠ ᠴᠤ ᠭᠡᠮᠡᠷ ᠴᠢᠭᠢᠨ ᠳᠤ ᠬᠤᠩᠬᠤ ᠵᠡᠭᠦᠯᠭᠡᠳᠡᠭ᠌ ᠴᠤ ᠪᠢ ᠶᠠᠷᠤ ᠨᠢ ᠰᠤᠷᠤᠭᠴᠢ ᠲᠡᠶ ᠪᠠᠨ ᠯᠠ ᠶᠠᠪᠤᠨ ᠶᠠᠷᠢᠯᠴᠠᠬᠤ ᠳᠤᠷᠠᠳᠠᠢ ᠪᠠᠢ᠌ᠯ᠎ᠠ᠃

ᠰᠤᠷᠤᠭᠴᠢ ᠊᠊᠊᠊᠊᠊᠊᠊᠊᠊᠊᠊᠊᠊᠊ ᠮᠢᠨᠤ ᠰᠡᠳᠭᠢᠯ ᠤᠨ ᠨᠠᠷᠠ᠂ ᠳᠠᠳᠠᠨ ᠲᠡᠶ ᠬᠠᠮᠳᠤ ᠪᠠᠢ᠌ᠪᠠᠯ ᠳᠠᠳᠠᠨ ᠤ ᠪᠠᠶᠠᠷ ᠭᠦᠷ ᠲᠡᠶ ᠳᠡᠭ᠍ᠵᠢᠨ ᠴᠤᠪᠣᠭᠤᠯᠢᠭ ᠵᠠᠩ ᠠᠭᠠᠯᠢ ᠨᠢ ᠮᠢᠨᠤ ᠠᠮᠢᠳᠤᠷᠠᠯ ᠤᠨ ᠵᠤᠢᠳᠠᠯ ᠭᠤᠨᠢᠭ ᠢ ᠴᠤ ᠣᠷᠤ ᠳᠠᠰᠤ ᠵᠠᠮᠬᠠᠷᠠᠭᠤᠯᠳᠠᠭ ᠴᠤ ᠪᠠᠢ᠌ᠯ᠎ᠠ᠃

ᠰᠤᠷᠤᠭᠴᠢ ᠊᠊᠊᠊᠊᠊᠊᠊᠊᠊᠊᠊᠊᠊᠊ ᠮᠢᠨᠤ ᠪᠣᠳᠤᠯ ᠤᠨ ᠵᠢᠭᠦᠷ᠃

ᠪᠢ ᠭᠠᠯᠪᠠ ᠳᠤ ᠭᠠᠭᠴᠠᠬᠠᠨ ᠭᠡᠦᠭᠡᠨ ᠳᠤ ᠪᠠᠨ ᠬᠠᠢ᠌ᠷᠠᠳᠠᠢ ᠰᠢᠤᠬᠠᠨ ᠭᠦᠮᠤᠨ ᠤ ᠬᠡᠦᠬᠡᠳ ᠲᠤ ᠴᠤ ᠡᠷᠭᠡ ᠦᠭᠡᠶ ᠬᠠᠢ᠌ᠷᠠᠳᠠᠢ᠂ ᠳᠠᠳᠠᠨ ᠤ ᠭᠦᠭᠡᠷᠦᠭᠦᠢᠯᠡᠯᠳᠡᠢ ᠳᠦᠷᠢ᠂ ᠴᠠᠢ᠌ᠯᠭᠠᠨ ᠵᠠᠩ᠂ ᠴᠠᠭᠠᠪᠣᠷ ᠰᠡᠳᠭᠢᠯ᠂ ᠣᠩᠭ᠋ᠤᠨ ᠭᠦᠰᠡᠯ ᠨᠢ ᠮᠢᠨᠤ ᠣᠶᠤᠨ ᠪᠣᠳᠤᠯ ᠳᠤ ᠪᠠᠨ ᠳᠡᠭᠡᠳᠦᠯᠡᠨ ᠬᠠᠢ᠌ᠷᠠᠯᠠᠵᠤ ᠴᠢᠳᠠᠳᠠᠭ ᠰᠢᠳᠦᠭᠡᠨ᠂ 《ᠦᠷ᠎ᠡ ᠦᠦ ᠳ᠋ᠡ᠂ ᠵᠢᠷᠦᠭᠡ ᠡ》 《ᠥᠵᠡᠭᠦ ᠨᠢᠳᠤᠨ ᠤ ᠴᠡᠴᠡᠭᠡᠢ᠂ ᠥᠨᠦᠰᠭᠦ ᠬᠠᠮᠠᠷ ᠤᠨ ᠵᠢᠭᠠᠷ ᠡ》 ᠭᠡᠵᠤ ᠬᠠᠯᠠᠭᠤᠨ ᠡᠯᠢᠭᠡᠨ ᠪᠦᠭᠦᠨ ᠬᠠᠢ᠌ᠷᠠᠳᠠᠢ ᠦᠷᠠᠰ ᠶᠢᠡᠨ ᠥᠭᠦᠭᠡᠷᠳᠡᠳᠡᠭ᠌ ᠲᠡᠶ ᠠᠳᠠᠯᠢ ᠪᠠᠷ ᠦᠪᠡᠷ ᠲᠤ ᠮᠢᠨᠢ ᠥᠪᠠᠷᠴᠢᠯᠡᠭ᠍ᠳᠡᠭ᠍ᠰᠡᠨ ᠰᠤᠷᠤᠭᠴᠢ ᠪᠦᠭᠦᠨ ᠢ ᠦᠷᠠᠴᠢᠯᠠᠨ ᠰᠠᠨᠠᠬᠤ ᠡᠴᠡ ᠪᠣᠴᠠᠬᠤ ᠦᠭᠡᠶ ᠶᠠᠪᠣᠭᠰᠠᠨ ᠳᠤ ᠪᠠᠨ ᠵᠠᠷᠢᠮ ᠰᠤᠷᠤᠭᠴᠢ᠄ 《ᠣᠠᠴᠠᠭᠠᠢ ᠶᠠᠭᠤᠮᠠᠨ ᠳᠤ ᠳᠤᠷᠠᠳᠠᠢ ᠭᠠᠢ᠌ᠬᠠᠯ ᠡ︕》 ᠭᠡᠵᠤ ᠣᠯᠵᠠᠷᠬᠠᠨ ᠳᠤᠮᠤᠭᠯᠠᠭᠳᠠᠳᠠᠭ ᠣᠳᠠᠭ᠎ᠠ ᠮᠤᠩ ᠦᠭᠡᠶ᠃   ᠭᠡᠪᠠᠴᠤ ᠪᠢ ᠰᠠᠨᠠᠭᠠᠨ ᠳᠤ ᠪᠠᠨ ᠠᠪᠳᠠᠭ ᠦᠭᠡᠶ ᠬᠠᠷᠢᠨ ᠢᠨᠢᠶᠠᠳᠤ ᠭᠦᠷᠴᠤ ᠭᠦᠭᠡᠷᠦᠭᠦᠢᠯᠡᠨ ᠰᠠᠨᠠᠳᠠᠭ ᠪᠠᠢ᠌ᠭᠰᠠᠨ ᠮᠢᠨᠢ ᠣᠴᠢᠷᠳᠠᠢ᠃

ᠰᠤᠷᠤᠭᠴᠢ ᠪᠠᠨ ᠡᠴᠢᠭᠡ ᠡᠭᠡ᠂ ᠡᠯᠢᠭᠡᠨ ᠰᠠᠳᠤᠨ ᠤ ᠭᠢᠨᠢ ᠬᠠᠷᠠᠴᠠ ᠪᠠᠷ ᠰᠢᠷᠳᠠᠨ ᠬᠠᠢ᠌ᠷᠠᠯᠠᠨ ᠬᠠᠯᠠᠮᠵᠢᠯᠠᠨ ᠳᠠᠳᠠᠨ ᠳᠤ ᠪᠢ ᠰᠡᠳᠭᠢᠯ ᠤᠨ ᠦᠷᠢ ᠲᠡᠶ ᠶᠠᠪᠣᠬᠤ ᠡᠴᠡ ᠲᠤᠢ᠌ᠯ ᠦᠭᠡᠶ ᠭᠢᠴᠢᠶᠠᠨ ᠲᠤᠢ᠌ᠯ ᠲᠡᠶ ᠳᠠᠮᠠᠤᠯᠤᠨ᠎ᠡ᠃

ᠰᠤᠷᠤᠭᠴᠢ ᠳᠤ ᠪᠠᠨ ᠪᠢ ᠪᠣᠤ ᠯᠠ ᠰᠡᠳᠭᠢᠯ ᠤᠨ ᠦᠷᠢ ᠲᠡᠶ ᠶᠠᠪᠣᠶ᠎ᠠ ᠊᠊᠊᠊᠊᠊᠊᠊᠊᠊᠊᠊᠊᠊᠊ ᠡᠨᠡ ᠪᠣᠯ ᠮᠢᠨᠤ ᠠᠵᠢᠯ ᠤᠨ ᠦᠨᠳᠦᠷ ᠬᠠᠷᠢᠭᠤᠴᠠᠯᠭᠠᠳᠤ ᠣᠪᠣᠷ᠂ ᠣᠢ᠌ᠯᠠᠰ ᠤᠨ ᠥᠮᠴᠢᠷᠭᠡᠭ᠍ᠰᠡᠨ ᠵᠦᠢ ᠵᠢᠮ᠎ᠠ᠂ 《ᠠᠮᠢᠨ ᠤ ᠭᠦᠮᠤᠨ ᠤ ᠭᠡᠵᠤ ᠪᠣᠳᠤᠳᠠᠭ ᠨᠢ ᠰᠠᠨᠠᠭ᠎ᠠ ᠮᠠᠭᠤ ᠶᠢᠨ ᠶᠠᠪᠣᠳᠠᠯ》 ᠭᠡᠳᠡᠭ᠍ᠴᠢᠯᠡᠨ ᠰᠤᠷᠤᠭᠴᠢ ᠪᠠᠨ ᠭᠦᠨᠡᠢ᠌ᠷᠭᠡᠵᠤ ᠭᠠᠳᠠᠭᠤᠷᠴᠢᠯᠠᠬᠤ ᠴᠢᠳᠠᠯ ᠪᠠᠢ᠌ᠭ᠎ᠠ ᠦᠭᠡᠶ ᠪᠢ᠃ ᠮᠢᠨᠤ ᠪᠣᠳᠤᠯ ᠳᠤ ᠰᠤᠷᠤᠭᠴᠢ ᠲᠦᠮᠡᠨ ᠪᠣᠯ ᠊᠊᠊᠊᠊᠊᠊᠊᠊᠊᠊᠊᠊᠊᠊ ᠠᠮᠢ ᠨᠠᠰᠤᠨ᠂ ᠡᠵᠡᠨ ᠪᠠᠶ᠎ᠠ᠂ ᠰᠤᠷᠤᠯᠴᠠᠭᠤᠯᠬᠤ ᠰᠢᠳᠦᠭᠡᠨ᠂ ᠰᠤᠷᠳᠠᠯᠴᠢᠯᠠᠬᠤ ᠬᠤᠪᠢᠯᠭᠠᠤᠨ᠃

《ᠰᠡᠢ᠌ᠮᠡᠭᠡᠢ ᠪᠣᠯᠤᠭᠰᠠᠨ ᠴᠤ ᠮᠢᠨᠤ ᠭᠡᠷ᠂ ᠰᠡᠭ᠍ᠰᠡᠭᠡᠷ ᠪᠣᠯᠪᠠᠴᠤ ᠮᠢᠨᠤ ᠡᠵᠢ》 ᠭᠡᠳᠡᠭ᠌ ᠤᠨ ᠵᠣᠢ᠌ᠴᠢᠯ ᠶᠢᠡᠷ ᠭᠦᠮᠦᠰ ᠦᠪᠡᠷ ᠤᠨ ᠶᠢᠡᠨ ᠦᠷ᠎ᠡ ᠬᠡᠦᠬᠡᠳ ᠶᠢᠡᠨ ᠦᠷᠢᠰᠦᠯᠳᠦᠭᠡᠨ ᠶᠡᠭᠡᠳᠡᠢ ᠥᠩᠭᠡᠳᠤ ᠶ‍ᠢᠷᠳᠢᠠᠴᠤ ᠶᠢᠨ ᠥᠡᠴᠦᠭ᠌ ᠪᠣᠯᠤᠩ ᠪᠦᠭᠦᠨ ᠳᠤ ᠴᠤ ᠰᠠᠢ᠌ᠨ ᠴᠤ ᠳᠠᠷᠠ᠂ ᠮᠠᠭᠤ ᠴᠤ ᠳᠠᠷᠠ᠂ ᠰᠠᠢ᠌ᠬᠠᠨ ᠴᠤ ᠳᠠᠢ᠌ᠮᠤ᠂ ᠮᠠᠭᠤᠬᠠᠢ ᠴᠤ ᠳᠠᠢ᠌ᠮᠤ ᠊᠊᠊᠊᠊᠊᠊᠊᠊᠊᠊᠊᠊᠊᠊ ᠰᠠᠨᠠᠵᠤ ᠴᠢᠳᠠᠭᠰᠠᠨ ᠳᠤ ᠪᠠᠨ ᠬᠠᠢ᠌ᠷᠠᠯᠠᠨ ᠴᠢᠳᠠᠵᠤ ᠬᠠᠢ᠌ᠷᠠᠯᠠᠨ ᠴᠢᠳᠠᠳᠠᠭ ᠳᠤ ᠪᠠᠨ ᠬᠠᠷᠠᠮᠯᠠᠨ ᠡᠩᠭᠦᠷᠡᠢ᠌ᠯᠡᠨ ᠳᠡᠢ᠌ᠯᠳᠡᠭ᠌ ᠲᠤ ᠪᠠᠨ ᠮᠠᠭᠤ ᠪᠦᠭᠦᠨ ᠢ ᠨᠢ ᠰᠠᠢ᠌ᠨ ᠪᠣᠯᠭᠠᠬᠤ ᠪᠠᠷ᠂ ᠮᠤᠷᠤᠢ ᠰᠢᠤᠬᠠᠨ ᠢ ᠨᠢ ᠠᠰᠬᠠᠨ ᠪᠣᠯᠭᠠᠬᠤ ᠪᠠᠷ ᠥᠭᠦᠨ ᠵᠢᠦᠡᠭᠦᠳᠡᠭ᠌ ᠰᠢᠭ᠌ ᠪᠢ ᠴᠤ ᠲᠠᠳᠠᠨ ᠳᠤ ᠭᠦᠮᠤᠨ ᠪᠣᠯᠬᠤ ᠶᠢᠨ ᠶᠤᠰᠤ ᠣᠴᠢᠷ ᠡᠴᠡ ᠭᠦᠰᠡᠯ ᠵᠤᠷᠢᠯ ᠤᠨ ᠭᠡᠢ᠌ᠰᠪᠦᠷᠢ ᠶ‍ᠢᠷᠳᠢᠠᠴᠤ ᠭᠦᠷᠳᠡᠯ᠎ᠡ ᠭᠡᠷ ᠪᠦᠯᠢ ᠡᠴᠡ ᠭᠠᠳᠠᠨ᠎ᠠ ᠬᠠᠮᠤᠭ ᠤᠨ ᠭᠤᠤᠯᠳᠠᠭ᠎ᠠ ᠲᠡᠶ ᠨᠢ ᠰᠤᠷᠭᠠᠭᠤᠯᠢ᠂ ᠰᠤᠷᠭᠠᠭᠤᠯᠢ ᠳᠤ ᠭᠤᠤᠯ ᠨᠢ ᠪᠠᠭᠰᠢ᠂ ᠳᠠᠭᠠᠷᠠᠭᠰᠠᠨ ᠪᠠᠭᠰᠢᠨᠠᠷ ᠤᠨ ᠭᠢᠨᠢ ᠳᠤᠮᠳᠠ ᠨᠢ ᠬᠠᠮᠤᠭ ᠰᠡᠳᠭᠢᠯ ᠢ ᠨᠢ ᠣᠢ᠌ᠯᠭᠠᠭᠴᠢ ᠪᠣᠯᠬᠤ ᠪᠠᠷ ᠴᠢᠷᠮᠠᠢ᠌ᠨ ᠤᠢ᠌ᠷᠠᠳᠤᠳᠠᠭ ᠪᠠᠢ᠌ᠯ᠎ᠠ᠃ 《ᠶᠠᠮᠠᠷ ᠪᠠᠭᠰᠢ ᠪᠠᠢ᠌ᠪᠠᠯ ᠶᠠᠮᠠᠷ ᠰᠤᠷᠤᠭᠴᠢ ᠪᠠᠢ᠌ᠨ᠎ᠠ》 ᠭᠡᠳᠡᠭ᠍ᠴᠢᠯᠡᠨ ᠪᠠᠭᠰᠢᠨᠠᠷ ᠶᠠᠮᠠᠷ ᠪᠠᠢ᠌ᠳᠠᠯ ᠶᠢᠡᠷ ᠰᠤᠷᠤᠭᠴᠢᠳ ᠤᠨ ᠡᠮᠤᠨ᠎ᠡ ᠢᠯᠡᠷᠡᠭᠦ ᠨᠢ ᠲᠤᠢ᠌ᠯ ᠤᠨ ᠴᠢᠬᠤᠯᠠ᠂ ᠪᠠᠭᠰᠢ ᠳᠠᠳᠠᠨ ᠤ ᠡᠮᠦᠨ᠎ᠡ ᠢᠯᠡᠷᠡᠭᠦ ᠳᠤ ᠪᠠᠨ ᠳᠠᠳᠠᠨ ᠤ ᠪᠠᠶ᠎ᠠ ᠰᠠᠳᠭᠢᠴᠠ ᠶᠢ ᠨᠢ ᠰᠢᠭᠤᠳ ᠨᠥᠯᠦᠭᠡᠯᠡᠳᠡᠭ᠌ ᠡᠴᠡ ᠪᠢ ᠪᠣᠳᠤᠯ ᠳᠤ ᠪᠠᠨ ᠲᠦᠪ ᠴᠢᠭ᠍ᠴᠢ ᠶᠢ ᠡᠷᠭᠢᠮᠨᠡᠨ᠂ ᠦᠵᠡᠯ ᠳᠤ ᠪᠠᠨ ᠭᠤᠤᠯᠴᠢ ᠦᠨᠡᠠᠴᠢ ᠶᠢ ᠵᠤᠷᠢᠨ᠂ ᠭᠢᠴᠢᠶᠠᠯ ᠳᠤ ᠪᠠᠨ 《ᠰᠤᠷᠤᠭᠴᠢ ᠪᠣᠯᠭᠠᠨ ᠥᠭᠡᠷ᠎ᠡ ᠦᠦ ᠳ᠋ᠠ︕ ᠠᠪᠣ ᠡᠵᠢ ᠳᠤ ᠪᠠᠨ ᠪᠦᠷ ᠠᠮᠢᠨ ᠡᠷᠳᠡᠨᠢ》 ᠭᠡᠭᠦ ᠳᠠᠨᠢᠯᠳᠠ ᠶᠢ ᠦᠪᠡᠷ ᠤᠨ ᠶᠢᠡᠨ ᠵᠢᠭᠠᠨ ᠰᠤᠷᠭᠠᠬᠤ ᠶᠢᠨ ᠦᠨᠳᠦᠰᠦᠨ ᠦᠵᠡᠯᠳᠠ ᠵᠤᠷᠢᠯᠳᠠ ᠶᠢᠨ ᠭᠤᠤᠯᠳᠠᠯᠠᠭ᠎ᠠ ᠳᠤᠭᠳᠠᠭᠠᠬᠤ ᠶᠢᠨ ᠰᠠᠭᠤᠷᠢ ᠪᠣᠯᠭᠠᠯ᠎ᠠ᠃

ᠪᠢ ᠳᠠᠳᠠᠨ ᠳᠤ ᠰᠡᠳᠭᠢᠯ ᠶᠢᠡᠷ ᠶᠢᠡᠨ ᠦᠷᠢᠳᠡᠭᠦ ᠡᠴᠠ ᠪᠠᠨ ᠠᠶᠤᠨ᠎ᠠ᠃ ᠠᠶᠤᠳᠠᠭ ᠡᠴᠡ ᠪᠠᠨ ᠲᠤᠢ᠌ᠯ ᠶᠢᠡᠷ ᠭᠢᠴᠢᠶᠠᠨ᠎ᠡ᠂ ᠭᠢᠴᠢᠶᠡᠭᠦ ᠪᠦᠷᠢ ᠳᠠᠳᠠᠨᠠᠷ ᠤᠨ ᠣᠨᠢᠰᠤᠭ᠎ᠠ ᠳᠠᠢ᠌ᠯᠤᠭᠴᠢ ᠬᠤᠶᠠᠷ ᠨᠢᠳᠤ ᠳᠤ ᠭᠡᠵᠢᠶ᠎ᠡ ᠨᠢᠭᠡ ᠢᠳᠡᠭᠡᠯ ᠪᠢᠰᠢᠷᠠᠯ ᠤᠨ ᠬᠠᠷᠠᠴᠠ ᠳᠤᠳᠤᠷᠠᠬᠤ ᠶᠢ ᠪᠠᠴᠢᠮᠳᠠᠨ ᠭᠦᠰᠡᠮᠵᠢᠯᠡᠳᠡᠭ᠌ ᠡᠴᠡ ᠪᠠᠬᠠᠳᠤᠨ ᠳᠡᠮᠤᠯᠡᠳᠡᠭ᠌ ᠯᠠ᠂᠂

ᠳᠠᠳᠠ᠄ 《ᠪᠠᠭᠰᠢ ᠡ》 ᠭᠡᠵᠤ ᠰᠢᠭᠤᠳ ᠳᠠᠨᠢᠯᠳᠠ ᠪᠠᠯᠠᠷᠯᠢᠭ ᠣᠢ᠌ᠯᠭᠠᠯᠳᠠ ᠪᠠᠷ ᠶᠢᠡᠨ ᠨᠠᠮ᠎ᠠ ᠶᠢ ᠳᠠᠭᠤᠳᠠᠬᠤ ᠡᠴᠡ ᠡᠭᠢᠯᠡᠨ ᠪᠢ ᠳᠠᠳᠠᠨ ᠢ ᠵᠢᠷᠦᠭᠡ ᠪᠠᠷ ᠶᠢᠡᠨ 《ᠪᠠᠭᠰᠢ ᠡ》 ᠭᠡᠵᠤ ᠳᠠᠭᠤᠳᠠᠭᠤᠯᠬᠤ ᠪᠠᠷ ᠭᠦᠰᠡᠮᠵᠢᠯᠡᠨ ᠵᠤᠷᠢᠨ᠎ᠠ᠃ ᠳᠠᠳᠠᠨ ᠳᠤ ᠪᠠᠭᠰᠢ ᠶᠢᠨ ᠳᠤᠬᠠᠢ ᠭᠦᠡᠵᠡᠭᠡᠢ ᠳᠠᠨᠢᠯᠳᠠ ᠣᠶᠤᠠᠯᠢᠭ ᠣᠢ᠌ᠯᠭᠠᠯᠳᠠ ᠲᠡᠶ ᠪᠣᠯᠭᠠᠬᠤ ᠭᠡᠷᠡᠭ᠍ᠳᠡᠢ ᠭᠡᠵᠤ ᠪᠢ ᠥᠵᠡᠳᠡᠭ᠌᠃   ᠪᠠᠭᠰᠢ ᠊᠊᠊᠊᠊᠊᠊᠊᠊᠊᠊᠊᠊᠊᠊ ᠭᠦᠮᠤᠨ ᠳᠦᠷᠤᠯᠭᠢᠳᠠᠨ ᠤ ᠣᠶᠤᠨ ᠤ ᠢᠨᠵᠧᠨᠧᠷ᠃ ᠭᠦᠮᠤᠨ ᠳᠦᠷᠤᠯᠭᠢᠳᠠᠨ ᠤ ᠣᠶᠤᠨ ᠤ ᠭᠦᠭ᠍ᠵᠢᠯᠳᠡ ᠶᠢ ᠲᠦᠯᠤᠪᠯᠠᠨ ᠲᠦᠰᠤᠪᠯᠠᠨ ᠵᠢᠯᠤᠭᠤᠤᠠᠴᠤ ᠪᠠᠶᠡᠯᠡᠭᠦᠯᠭᠦ ᠮᠡᠷᠭᠡᠵᠢᠯᠳᠡᠨ ᠭᠡᠰᠡᠨ ᠥᠭᠡ ᠪᠠᠢ᠌ᠬ᠎ᠠ︖

ᠶᠠᠭ ᠳᠠᠢ᠌ᠮᠤ ᠡᠴᠡ ᠪᠢᠳᠠ ᠊᠊᠊᠊᠊᠊᠊᠊᠊᠊᠊᠊᠊᠊᠊ ᠪᠢ ᠪᠣᠯ ᠬᠡᠦᠬᠡᠳ ᠤᠨ ᠣᠶᠤᠨ ᠤ ᠭᠦᠭ᠍ᠵᠢᠯᠳᠡ ᠶᠢ ᠠᠭᠢᠭᠤᠯᠤᠨ ᠳᠡᠭᠡᠭ᠍ᠰᠢᠯᠡᠭᠦᠯᠭᠦ ᠪᠠᠷ ᠲᠦᠯᠤᠪᠯᠠᠨ ᠵᠢᠯᠤᠭᠤᠤᠠᠴᠤ ᠪᠠᠶᠡᠯᠡᠭᠦᠯᠭᠦ ᠮᠡᠷᠭᠡᠵᠢᠯᠳᠡᠨ ᠪᠠᠢ᠌ᠬ᠎ᠠ︖ ᠣᠶᠤᠨ ᠊᠊᠊᠊᠊᠊᠊᠊᠊᠊᠊᠊᠊᠊᠊ ᠭᠦᠮᠦᠰ ᠤᠨ ᠳᠡᠭᠡᠳᠤ ᠭᠡᠮᠵᠢᠶᠡᠨ ᠤ ᠰᠡᠳᠭᠢᠭᠦ ᠴᠢᠳᠠᠪᠣᠷᠢ᠃ ᠡᠨᠡ ᠪᠣᠯ ᠮᠢᠨᠤ ᠳᠤᠩᠭ᠋ᠠᠭᠤᠰᠢᠳᠠᠢ ᠠᠰᠠᠭᠤᠳᠠᠯ᠃

ᠪᠢ ᠪᠠᠭᠰᠢ ᠊᠊᠊᠊᠊᠊᠊᠊᠊᠊᠊᠊᠊᠊᠊ ᠭᠦᠮᠤᠨ ᠳᠦᠷᠤᠯᠭᠢᠳᠠᠨ ᠤ ᠣᠶᠤᠨ ᠤ ᠮᠡᠷᠭᠡᠵᠢᠯᠳᠡᠨ ᠤ ᠪᠠᠢ᠌ᠷᠢ ᠳᠤ ᠣᠰᠤᠯᠳᠤᠨ ᠶᠠᠪᠣᠬᠤ ᠡᠴᠡ ᠠᠶᠤᠳᠠᠰ ᠭᠦᠷᠭᠦ ᠳᠤ ᠪᠠᠨ 《ᠪᠠᠭᠰᠢ ᠡ》 ᠭᠡᠭᠦ ᠴᠠᠢ᠌ᠯᠭᠠᠨ ᠴᠠᠭᠠᠨ ᠰᠡᠳᠭᠢᠯ ᠳᠤ ᠦᠷᠢᠳᠠᠵᠤ ᠴᠢᠳᠠᠬᠤ ᠦᠭᠡᠶ ᠭᠢᠴᠢᠶᠠᠨ᠎ᠡ᠃

《ᠨᠠᠷᠠᠨ ᠤ ᠳᠤᠤᠷᠠᠭᠢ ᠬᠠᠮᠤᠭ ᠤᠨ ᠥᠩᠭᠡ ᠭᠡᠷᠡᠯ ᠲᠡᠶ ᠠᠵᠢᠯ》 ᠭᠡᠳᠡᠭ᠌ ᠤᠨ ᠥᠩᠭᠡ ᠭᠡᠷᠡᠯ ᠨᠢ ︖ ᠨᠠᠷᠠ ᠨᠢ ᠶᠠᠭᠤ ᠪᠣᠢ︖ ᠡᠨᠡ ᠪᠣᠯ ᠮᠢᠨᠤ ᠪᠣᠳᠤᠯᠭᠠᠰᠢᠷᠠᠭᠤᠰᠢᠳᠠᠢ ᠠᠰᠠᠭᠤᠳᠠᠯ᠃

《ᠨᠠᠷᠠᠨ ᠤ ᠳᠤᠤᠷᠠᠭᠢ ᠬᠠᠮᠤᠭ ᠤᠨ ᠥᠩᠭᠡ ᠭᠡᠷᠡᠯ ᠲᠡᠶ ᠠᠵᠢᠯ》 ᠊᠊᠊᠊᠊᠊᠊᠊᠊᠊᠊᠊᠊᠊᠊ ᠪᠠᠭᠰᠢ ᠶᠢᠨ ᠠᠯᠪᠠ ᠶᠢ ᠡᠭᠦᠷᠭᠡᠯᠡᠭᠦ ᠳᠤ ᠪᠠᠨ ᠨᠠᠷᠠᠨ ᠤ ᠳᠤᠤᠷ᠎ᠠ ᠢᠪᠠᠭᠡᠭ᠍ᠳᠡᠨ ᠪᠦᠭᠦᠢ ᠬᠠᠮᠤᠭ ᠤᠨ ᠶᠡᠭᠡ ᠠᠯᠤᠰ ᠢᠷᠡᠭᠡᠳᠦᠢ ᠲᠡᠶ ᠰᠤᠷᠤᠭᠴᠢᠳ ᠲᠤ ᠪᠠᠨ ᠰᠤᠳᠤᠨ ᠰᠤᠶᠤᠯ ᠮᠡᠳᠡᠯᠭᠡ ᠶᠢ ᠡᠵᠡᠮᠰᠢᠭᠦᠯᠭᠦ ᠡᠴᠡ ᠨᠠᠩ ᠴᠢᠬᠤᠯᠠ ᠨᠢ ᠭᠦᠮᠤᠨ ᠪᠣᠯᠬᠤ ᠶᠢᠨ ᠵᠦᠪ ᠦᠵᠡᠯᠳᠠ ᠳᠠᠨᠢᠯᠳᠠ ᠪᠠ ᠡᠷᠡᠭᠦᠯ ᠰᠠᠷᠠᠭᠤᠯ ᠠᠮᠢᠳᠤᠷᠠᠬᠤᠢ ᠶᠢᠨ ᠦᠵᠡᠯᠳᠠ᠂ ᠦᠷᠳᠡᠭ᠌ ᠤᠨ ᠦᠵᠡᠯᠳᠠ ᠵᠡᠷᠭᠡ ᠭᠡᠪ ᠴᠢᠨᠠᠷ ᠤᠨ ᠭᠦᠮᠦᠵᠢᠯ ᠢ ᠬᠦᠷᠳᠡᠭᠡᠨ ᠴᠢᠳᠠᠭᠰᠠᠨ ᠪᠣᠯ ᠰᠠ‍‌ᠶᠢ ᠮᠢᠨᠤ ᠠᠵᠢᠯ ᠥᠩᠭᠡ ᠭᠡᠷᠡᠯ ᠨᠢ ᠰᠠᠴᠤᠷᠠᠨ ᠪᠠᠷᠢᠮᠵᠢᠶᠠᠨ ᠳᠤ ᠪᠠᠨ ᠭᠦᠷᠦᠭ᠍ᠰᠡᠨ ᠪᠠᠢ᠌ᠵᠤ ᠳᠠᠭᠠᠷᠠᠨ᠎ᠠ᠃ ᠨᠠᠷᠠᠨ ᠤ ᠳᠤᠤᠷ᠎ᠠ ᠮᠢᠨᠤ ᠠᠵᠢᠯ ᠬᠠᠮᠤᠭ ᠤᠨ ᠥᠩᠭᠡ ᠭᠡᠷᠡᠯ ᠶᠢᠡᠨ ᠭᠢᠯᠠᠷᠠᠭᠤᠯᠤᠭ᠎ᠠ ᠶᠤᠮ ᠪᠣᠯ ᠡᠨᠡᠭᠦ ᠥᠩᠭᠡ ᠭᠡᠷᠡᠯ ᠨᠢ ᠨᠢᠭᠡ ᠬᠤᠶᠠᠷᠬᠠᠨ ᠬᠡᠦᠬᠡᠳ ᠲᠤ ᠪᠢᠰᠢ᠂ ᠬᠠᠷᠢᠨ ᠨᠢᠭᠡ ᠪᠦᠯᠦᠭ᠌ ᠬᠡᠦᠬᠡᠳ ᠤᠨ ᠴᠤᠷᠭᠢᠨ ᠰᠢᠷᠳᠠᠯ ᠴᠢᠨᠤ ᠴᠤᠯᠭᠤᠢ ᠵᠢᠯᠤᠭᠤᠳᠤᠯᠭ᠎ᠠ ᠶᠢᠨ ᠴᠢᠨᠠᠳᠤᠭᠢ ᠣᠶᠤᠠᠴᠢ ᠭᠦᠮᠦᠵᠢᠯ ᠪᠣᠳᠠᠳᠠᠢ ᠨᠥᠯᠦᠭᠡ ᠪᠦᠭᠦᠢ ᠭᠡᠪ ᠰᠤᠷᠳᠠᠯ ᠮᠡᠳᠡᠯᠭᠡ ᠴᠢᠳᠠᠪᠣᠷᠢ ᠶᠢ ᠴᠢᠨᠢ ᠮᠠᠳᠠᠷᠠᠨ᠂ ᠳᠠᠭᠤᠷᠢᠶᠠᠨ ᠲᠦᠰᠤᠪᠯᠠᠨ ᠳᠠᠭᠠᠭᠠᠮᠠᠭᠯᠠᠨ ᠳᠠᠭᠠᠵᠤ᠂ ᠠᠯᠪᠠᠳᠠᠯᠭ᠎ᠠ ᠡᠴᠡ ᠠᠶᠠᠠᠳᠠᠭᠠᠨ ᠤ ᠵᠥᠭ᠌ ᠰᠤᠷᠳᠠᠯᠴᠢᠯᠠᠵᠤ ᠪᠠᠢ᠌ᠬᠤ ᠳᠤ ᠴᠢᠨᠢ ᠢᠯᠠᠷᠠᠵᠤ ᠪᠠᠢ᠌ᠬᠤ ᠪᠠᠢ᠌ᠬ᠎ᠠ᠃

ᠪᠢ ᠰᠤᠷᠤᠭᠴᠢ ᠶᠢᠨ ᠰᠡᠳᠭᠢᠯ ᠳᠤ ᠣᠰᠤᠯᠳᠤᠬᠤ ᠡᠴᠡ ᠥᠭᠦᠨ ᠭᠢᠴᠢᠶᠠᠨ᠎ᠡ᠃ ᠨᠢᠳᠤᠨ ᠡᠮᠦᠨᠡᠭᠢ ᠬᠠᠷᠢᠶᠠᠳᠤ ᠡᠭ᠍ᠳᠡᠭᠦᠴᠡᠯ ᠨᠠᠳᠠᠳᠤ ᠬᠠᠮᠢᠶᠠᠷᠤᠭᠳᠠᠳᠠᠭ ᠦᠭᠡᠶ᠂ ᠳᠠᠳᠠ ᠪᠣᠯ ᠬᠡᠦᠬᠡᠳ ᠳᠤᠯᠠ ᠳᠠᠳᠠᠨ ᠤ ᠬᠠᠷᠢᠶᠠᠳᠤ ᠨᠢ ᠴᠤ ᠳᠠᠩ ᠴᠤᠯᠭᠤᠢ᠃ ᠬᠡᠦᠬᠡᠳ ᠶᠠᠭᠤ ᠶᠠᠷᠢᠭᠰᠠᠨ ᠴᠤ ᠪᠣᠯᠤᠨ᠎ᠠ᠃ ᠶᠠᠭᠠᠭᠢᠵᠤ ᠬᠠᠷᠢᠶᠠᠭᠰᠠᠨ ᠴᠤ ᠳᠠᠭᠠᠭᠠᠵᠤ ᠶᠠᠪᠣᠨ᠎ᠠ᠃ ᠭᠡᠳᠡᠯ᠎ᠡ ᠪᠢ ᠳᠠᠳᠠᠨ ᠳᠤ ᠭᠡᠳᠤᠨ ᠠᠷᠪᠠᠨ ᠵᠢᠯ ᠤᠨ ᠳᠠᠷᠠᠭ᠎ᠠ ᠬᠠᠷᠢᠶᠠᠭᠳᠠᠬᠤ ᠡᠴᠡ ᠯᠠ ᠭᠡᠴᠡᠭᠦᠤ ᠠᠶᠤᠨ᠎ᠠ᠃ ᠡᠷ᠎ᠡ ᠶᠢᠨ ᠴᠡᠭᠡᠯ ᠳᠤ ᠭᠦᠷᠦᠭᠡᠳ ᠡᠩᠭᠦᠷᠡᠢ ᠨᠠᠰᠤ ᠪᠠᠨ ᠡᠷᠭᠢᠴᠡᠭᠦᠯᠭᠦ ᠳᠤ 《ᠪᠠᠭᠰᠢ》 ᠨᠢ ᠭᠡᠵᠤ ᠪᠢᠰᠢᠷᠡᠭ᠍ᠳᠡᠯ ᠦᠭᠡᠶ ᠬᠠᠷᠢᠨ ᠵᠥᠪᠭᠡᠨ ᠪᠠᠭᠰᠢ ᠶᠢᠨ ᠣᠷᠤ ᠡᠵᠡᠩᠨᠡᠭ᠍ᠰᠡᠨ ᠪᠠᠭᠠᠰᠢᠯᠠᠭᠰᠠᠨ ᠳᠦᠷᠢ ᠪᠣᠯᠵᠤ ᠬᠤᠴᠤᠷᠬᠤ ᠡᠴᠡ ᠨᠢ ᠭᠡᠴᠡᠭᠦᠤ ᠡᠮᠢᠶᠡᠨ᠎ᠡ︕ ᠢᠩᠭᠢᠵᠤ ᠯᠠ ᠡᠮᠢᠶᠡᠳᠡᠭ᠌ ᠲᠦ ᠪᠠᠨ ᠨᠠᠰᠤᠨ ᠳᠤᠷᠰᠢᠳᠠ ᠰᠤᠷᠤᠯᠴᠠᠬᠤ ᠳᠤ ᠨᠢ ᠰᠠᠭᠤᠷᠢ ᠪᠣᠯᠭᠠᠬᠤ ᠪᠠᠷ ᠰᠤᠷᠤᠯᠭ᠎ᠠ ᠪᠠ ᠰᠤᠷᠳᠠᠯ ᠤᠨ ᠭᠦᠮᠦᠵᠢᠯ ᠢ ᠪᠢ ᠣᠶᠠᠯᠳᠤᠭᠤᠯᠤᠨ ᠊᠊᠊᠊᠊᠊᠊᠊᠊᠊᠊᠊᠊᠊᠊ ᠶᠠᠭᠠᠷᠠᠨ᠎ᠠ᠂ ᠪᠣᠳᠠᠳᠠᠢ ᠰᠤᠷᠤᠭᠴᠢᠳ ᠤᠨ ᠪᠠᠶ᠎ᠠ ᠰᠠᠳᠭᠢᠴᠠ ᠶᠢᠨ ᠣᠠᠴᠠᠯᠢᠭ ᠢ ᠮᠡᠳᠡᠷᠡᠭᠦ ᠪᠠᠷ ᠵᠤᠷᠢᠨ᠎ᠠ ᠳᠠᠮᠠᠤᠯᠠᠨ᠎ᠡ᠃

ᠡᠨᠡ ᠶᠠᠭᠠᠷᠠᠯ ᠳᠤ ᠡᠳᠦᠷ ᠳᠤᠳᠤᠮ ᠤᠨ ᠡᠩ ᠤᠨ ᠭᠢᠴᠢᠶᠡᠯᠯᠡᠭᠡ ᠨᠢ ᠮᠢᠨᠤ ᠭᠤᠤᠯ ᠵᠤᠷᠢᠯᠭ᠎ᠠ ᠲᠡᠶ ᠭᠦᠮᠦᠵᠢᠯ ᠭᠢᠭᠦ ᠴᠠᠭ ᠪᠣᠯᠳᠠᠭ᠂ ᠪᠢ ᠳᠠᠳᠠᠨᠠᠷ ᠲᠤ ᠰᠡᠳᠭᠢᠯ ᠶᠢᠡᠷ ᠶᠢᠡᠨ ᠦᠷᠢᠳᠠᠵᠤ ᠴᠢᠳᠠᠯ ᠦᠭᠡᠶ ᠡ︕ 《ᠪᠠᠭᠰᠢ ᠡ ︕ ᠮᠠᠨ ᠤᠨ ᠨᠥᠭᠦᠤᠨ ᠳᠠᠨ ᠡᠴᠡ ᠭᠡᠴᠡᠭᠦᠤ ᠠᠶᠤᠨ᠎ᠠ》 《ᠪᠠᠭᠰᠢ ᠡ᠂ ᠳᠠᠨ ᠤ ᠭᠢᠴᠢᠶᠠᠯ ᠢ ᠣᠯᠠᠩᠭᠢ ᠨᠢ ᠰᠤᠨᠤᠰᠬᠤ ᠳᠤᠷᠠᠳᠠᠢ》 《ᠪᠠᠭᠰᠢ ᠡ᠂ ᠳᠠ ᠮᠢᠨᠤ ᠡᠵᠢ ᠰᠢᠭ᠌ ᠬᠠᠯᠠᠭᠤᠨ ᠳᠤᠳᠤᠨᠤ ᠰᠠᠨᠠᠭᠳᠠᠨ᠎ᠠ》 《ᠪᠠᠭᠰᠢ ᠡ᠂ ᠨᠠᠳᠠ ᠳᠤ ᠳᠠᠨ ᠲᠡᠶ ᠠᠳᠠᠯᠢ ᠡᠵᠢ ᠲᠡᠶ ᠪᠣᠯᠤᠭᠰᠠᠨ ᠪᠣᠯ︖》 《ᠪᠠᠭᠰᠢ ᠡ᠂ ᠡᠵᠢ ᠨᠠᠮ᠎ᠠ ᠶᠢ᠄ 〈ᠳᠠ ᠬᠠᠷᠢᠨ ᠪᠠᠭᠰᠢ ᠲᠡᠶ ᠪᠠᠨ ᠨᠠᠳᠠ ᠡᠴᠡ ᠢᠯᠡᠭᠦᠤ ᠰᠠᠢ᠌ᠨ〉 ᠭᠡᠵᠤ ᠠᠭᠤᠷᠯᠠᠪᠠ᠂ ᠪᠢ ᠶᠠᠭᠠᠭᠢᠪᠠᠯ ᠳᠠᠭᠠᠷᠠᠨ᠎ᠠ ᠪᠣᠢ︖ ᠳᠠ ᠬᠤᠶᠠᠭᠤᠯᠠ ᠶᠢᠨ ᠳᠤᠮᠳᠠ ᠪᠢ ᠶᠠᠭᠠᠭᠢᠪᠠᠯ ᠳᠠᠭᠠᠷᠠᠨ᠎ᠠ ᠪᠣᠢ︖》 《ᠪᠠᠭᠰᠢ ᠡ᠂ ᠳᠠ ᠭᠠᠭᠴᠠᠬᠠᠨ ᠭᠡᠦᠭᠡᠨ ᠲᠡᠶ᠂ ᠭᠡᠦᠭᠡᠨ ᠭᠦᠮᠤᠨ ᠭᠡᠵᠢᠶ᠎ᠡ ᠪᠣᠯᠪᠠᠴᠤ ᠬᠠᠷᠢ ᠳᠤ ᠮᠤᠷᠳᠠᠨ᠎ᠠ᠃ ᠬᠤᠵᠢᠮ ᠪᠢ ᠳᠠᠨ ᠢ ᠪᠠᠨ ᠳᠡᠵᠢᠭᠡᠨ᠎ᠡ᠂ ᠪᠢ ᠪᠣᠯ ᠳᠠᠨ ᠤ ᠭᠦᠤ ᠴᠢᠨᠢ》 ᠡᠳᠡᠭᠡᠷ ᠪᠣᠯ ᠮᠢᠨᠤ ᠥᠮᠴᠢᠷᠭᠡᠵᠤ ᠶᠠᠪᠣᠭᠰᠠᠨ ᠰᠤᠷᠤᠭᠴᠢᠳ ᠤᠨ ᠮᠢᠨᠢ ᠦᠨᠡᠨ ᠰᠡᠳᠭᠢᠯ ᠤᠨ ᠴᠤᠤᠷᠢᠶ᠎ᠠ᠂᠂

ᠳᠠᠳᠠ ᠨᠠᠮ᠎ᠠ ᠶᠢ ᠪᠠᠨ ᠡᠵᠢ ᠲᠡᠶ ᠪᠠᠨ ᠦᠯᠢᠦᠡᠭᠡᠨ ᠪᠣᠳᠤᠳᠠᠭ ᠨᠢ ᠣᠢ᠌ᠯᠠᠰ ᠶᠢᠡᠨ ᠭᠡᠵᠤ ᠥᠵᠦᠭᠦᠷ ᠦᠭᠡᠶ ᠵᠤᠷᠢᠯ ᠤᠨ ᠮᠢᠨᠢ ᠥᠭᠡᠳᠡᠷᠭᠡᠭ᠌ ᠳᠠᠮᠠᠤᠯᠡᠯ᠃

ᠪᠢ ᠨᠠᠩ ᠣᠯᠠᠨ ᠰᠤᠷᠤᠭᠴᠢᠳ ᠤᠨ ᠶᠢᠡᠨ ᠰᠡᠳᠭᠢᠯ ᠤᠨ ᠴᠤᠤᠷᠢᠶ᠎ᠠ ᠪᠠᠷ ᠣᠢ᠌ᠯᠠᠰ ᠶᠢᠡᠨ ᠰᠢᠮᠡᠭᠦ ᠪᠠᠷ ᠳᠡᠮᠡᠦᠯᠡᠭ᠍ᠰᠡᠭᠡᠷ᠁


ᠵᠤᠬᠢᠶᠠᠭᠴᠢ ᠶᠢᠨ ᠬᠠᠶ‍ᠢᠭ᠄ ᠬᠤᠤᠯᠢᠨ ᠭᠤᠤᠯ

ᠵᠤᠬᠢᠶᠠᠭᠴᠢ᠄ ᠰᠢᠵᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6164
ᠴᠠᠭ᠄ 2010 ᠤᠨ ᠤ 07 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ