ᠨᠡᠪᠲᠡᠷᠡᠨ ᠤᠷᠤᠬᠤ
ᠡᠷᠡᠭᠡᠯᠵᠡᠯ

ᠬᠠᠢ᠌ᠷᠴᠠᠭ ᠲᠡᠶ ᠳᠠᠮᠠᠭᠢ ᠦᠨᠡᠰᠤ ᠪᠣᠯᠵᠤ ᠳᠠᠭᠤᠰᠤᠯ᠎ᠠ

ᠬᠠᠷᠢᠨ ᠪᠢ ᠮᠦᠰᠤ ᠪᠣᠯᠵᠤ ᠦᠯᠠᠳᠠᠪᠠ

ᠬᠤᠷᠢᠳ ᠤᠨ ᠰᠠᠷᠠᠨ ᠳᠦᠭᠡᠷᠢᠭ᠍ᠰᠡᠭᠡᠷ ᠢᠷᠠᠪᠠ

ᠬᠣᠢ᠌ᠨ᠎ᠠ ᠡᠴᠡ ᠰᠠᠯᠭᠢᠨ ᠳᠤᠰᠤᠭᠰᠠᠭᠠᠷ ᠣᠴᠢᠯ᠎ᠠ

ᠣᠳᠤᠳ ᠨᠠᠮ᠎ᠠ ᠶᠢ ᠬᠠᠷᠠᠨ ᠬᠠᠷᠠᠭᠰᠠᠭᠠᠷ

ᠣᠷᠤ ᠣᠷᠤᠨ ᠳᠤ ᠪᠠᠨ ᠳᠤᠭᠳᠠᠵᠤ ᠶᠠᠳᠠᠨ᠎ᠠ

ᠣᠳᠤ ᠪᠢ

ᠪᠣᠴᠠᠶᠤ

ᠪᠠᠢ᠌ᠶᠤ ᠁

ᠭᠠᠯ ᠪᠠᠢ᠌ᠭᠰᠠᠨ ᠴᠤ ᠳᠠᠮᠠᠭᠢ ᠪᠠᠢ᠌ᠬᠤ ᠥᠭᠡᠢ

ᠭᠠᠷ ᠤᠨ ᠬᠤᠷᠤᠭᠤ ᠪᠦᠭᠦᠨ ᠡᠴᠡ ᠪᠣᠭᠢ ᠦᠨᠦᠷᠳᠠᠨ᠎ᠠ

ᠴᠡᠴᠡᠷᠯᠢᠭ᠌ ᠤᠨ ᠬᠠᠭᠠᠯᠭ᠎ᠠ ᠪᠠᠷ ᠪᠢ

ᠴᠡᠩᠭᠡᠷ ᠥᠩᠭᠡ ᠲᠡᠶ ᠳᠠᠮᠠᠭᠢᠨ ᠣᠳᠤᠭ᠎ᠠ ᠰᠢᠭ ᠭᠠᠷᠬᠤ ᠳ᠋ᠤ

ᠴᠡᠴᠡᠭ᠌ ᠤᠨ ᠦᠨᠦᠷ ᠲᠡᠶ ᠵᠥᠭᠡᠯᠡᠨ ᠮᠦᠴᠢᠷ

ᠴᠡᠪᠠᠷᠭᠡᠨ ᠪᠦᠰᠡᠭᠦᠢ ᠶᠢᠨ ᠱᠥᠭᠦᠷ ᠰᠢᠭ᠌ ᠰᠠᠵᠢᠯᠠᠨ᠎ᠠ

ᠡᠷᠭᠢᠵᠤ ᠬᠠᠷᠠᠪᠠ ᠄

ᠡᠭᠦᠯᠡᠨ ᠤ ᠴᠠᠭᠠᠨᠠᠭᠢ ᠰᠠᠷᠠ

ᠨᠠᠭᠠᠰᠢ ᠨᠢᠭᠡ ᠭᠢᠯᠣᠢ᠌ᠬᠤ ᠴᠤ ᠰᠢᠭ

ᠡᠭᠦᠳᠡᠨ ᠤ ᠬᠠᠪᠢ ᠳ᠋ᠠᠭᠢ ᠴᠡᠴᠡᠭ᠌

ᠴᠠᠭᠠᠰᠢ ᠨᠢᠭᠡ ᠭᠠᠩᠬᠤᠬᠤ ᠴᠤ ᠰᠢᠭ

ᠡᠷᠭᠢᠭᠡᠳ ᠪᠢ ᠡ᠊ᠨᠳᠡ

ᠢᠷᠠᠶᠤ

ᠪᠠᠢ᠌ᠶᠤ ᠁

ᠵᠤᠬᠢᠶᠠᠭᠴᠢ᠄ ᠥᠡᠳᠦᠷᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2625
ᠴᠠᠭ᠄ 2009 ᠤᠨ ᠤ 05 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ