☆ ᠰᠣ᠊·ᠦᠨᠡᠠᠴᠢ
ᠦᠣᠷ ᠶᠢᠡᠷ ᠪᠢᠴᠢᠭ᠍ᠳᠡᠭ᠍ᠰᠡᠨ ᠰᠢᠯᠦᠭ᠌
ᠰᠦᠨᠢ ᠶᠢᠨ ᠦᠨᠦᠷ ᠰᠢᠩᠭᠡᠭ᠍ᠰᠡᠨ ᠴᠤᠩᠬᠤᠨ ᠪᠦᠷᠭᠦᠭᠦᠯ ᠢ ᠰᠡᠭᠦᠭᠦ ᠳ᠋ᠤ
ᠨᠣᠢ᠌ᠷᠮᠤᠭ ᠶᠢᠷᠳᠢᠠᠴᠤ ᠶᠢ ᠰᠡᠷᠡᠭᠡᠭᠦ ᠭᠡᠵᠤ ᠥᠣᠷ ᠤᠨ ᠭᠡᠭᠡ ᠳᠤᠨᠤᠷᠠᠵᠤ
ᠰᠦᠮᠠᠯᠵᠠᠵᠤ ᠴᠠᠰᠢ ᠬᠤᠯᠠᠳᠬᠤ ᠭᠠᠭᠴᠠ ᠬᠤᠶᠠᠷ ᠣᠳᠤ
ᠨᠤᠤᠷᠠᠭᠯᠠᠭᠰᠠᠨ ᠪᠠᠳᠠᠭ ᠢ ᠭᠡᠯᠭᠢᠭᠦ ᠭᠡᠵᠤ ᠥᠵᠡᠭ᠍ᠳᠡᠭᠦ ᠦᠭᠡᠶ ᠪᠣᠯᠬᠤ ᠪᠠᠨ ᠭᠦᠯᠢᠶᠡᠨ᠎ᠡ
ᠥᠴᠦᠭᠡᠳᠦᠷ ᠰᠦᠨᠢ ᠶᠢᠨ ᠵᠡᠭᠦᠳᠤᠨ ᠳᠤ ᠢᠷᠡᠭ᠍ᠰᠡᠨ ᠣᠯᠠᠨ ᠠᠳᠤᠭᠤᠳ ᠊ᠤᠨ
ᠥᠣᠷᠰᠡᠭᠦ ᠴᠢᠮᠡᠭᠡ ᠴᠢᠭᠢᠨ ᠤ ᠣᠭ ᠲᠤ ᠬᠠᠶᠠ ᠬᠠᠶᠠ ᠰᠤᠨᠤᠰᠳᠠᠵᠤ
ᠥᠳᠡᠯᠦᠭᠡ ᠪᠣᠯᠤᠭᠰᠠᠨ ᠡᠮᠡᠭᠡ ᠶᠢᠨ ᠮᠢᠨᠢ ᠥᠯᠢᠭᠡᠷ ᠲᠤ ᠭᠠᠷᠳᠠᠭ ᠳᠠᠯ᠎ᠠ
ᠥᠣᠷ ᠤᠨ ᠭᠡᠭᠡ ᠡᠴᠡ ᠣᠷᠢᠳᠠᠵᠤ ᠡᠯᠡᠰᠤ ᠪᠣᠯᠵᠤ ᠰᠢᠭᠤᠷᠤᠨ᠎ᠠ
ᠠᠭᠤᠳᠠᠮ ᠰᠠᠷᠠᠭᠤᠯ ᠳᠠᠯ᠎ᠠ ᠶᠢᠨ ᠶᠢᠡᠨ ᠣᠷᠭᠤᠴᠠ ᠰᠠᠢ᠌ᠳᠠᠢ ᠪᠠᠯᠴᠢᠭᠡᠷ ᠳᠤ
ᠢᠰᠡᠭᠡᠢ ᠭᠡᠷ ᠶᠢᠡᠨ ᠪᠣᠰᠬᠠᠵᠤ ᠨᠡᠭᠦᠳᠡᠯᠯᠡᠨ ᠮᠠᠯᠵᠢᠳᠠᠭ ᠪᠠᠢ᠌ᠭᠰᠠᠨ ᠶᠤᠮ
ᠣᠷᠳᠤ ᠶᠢᠨ ᠳᠠᠭᠤᠤ ᠪᠠᠨ ᠠᠶᠠᠯᠠᠭᠤᠯᠤᠨ ᠣᠷᠭ᠎ᠠ ᠶᠢᠨ ᠬᠣᠢ᠌ᠪᠢ ᠪᠠᠨ ᠨᠠᠭᠢᠯᠵᠠᠭᠤᠯᠤᠭᠰᠠᠭᠠᠷ
ᠠᠭᠳᠠ ᠭᠦᠯᠦᠭ᠌ ᠮᠤᠷᠢᠨ ᠳᠠᠭᠠᠨ ᠠᠯᠠᠪᠭᠢᠨ ᠮᠤᠷᠳᠠᠳᠠᠭ ᠪᠠᠢ᠌ᠭᠰᠠᠨ ᠶᠤᠮ
ᠳᠠᠯᠠᠨ ᠬᠠᠷ᠎ᠠ ᠮᠤᠨᠢ ᠠᠭᠤᠯᠠ ᠶᠢᠨ ᠠᠷᠤ ᠦᠪᠣᠷ ᠡᠩᠭᠡᠷ ᠬᠤᠷᠮᠤᠢ ᠳ᠋ᠤ
ᠳᠠᠷᠭᠤᠨ ᠰᠥᠷᠦᠭ᠌ ᠳᠠᠷᠬᠠᠨ ᠪᠠᠯᠴᠢᠵᠤ ᠳᠠᠪᠠᠳᠠᠢ ᠢᠳᠡᠰᠢᠯᠡᠳᠡᠭ᠌ ᠪᠠᠢ᠌ᠭᠰᠠᠨ ᠶᠤᠮ
ᠪᠣᠷᠤ ᠳᠤᠬᠤᠢ ᠲᠦᠮᠡᠳ ᠤᠨ ᠳᠠᠯ᠎ᠠ ᠶᠢᠨ ᠢᠭᠴᠢ ᠰᠠᠬᠤᠯᠠᠭ ᠡᠪᠠᠰᠤᠨ ᠳ᠋ᠤ
ᠰᠠᠯᠭᠢᠨ ᠤ ᠢᠯᠪᠢᠯᠳᠠ ᠪᠠᠷ ᠥᠭᠡᠷ ᠬᠤᠨᠢᠳ ᠤᠨ ᠨᠢᠷᠤᠭᠤ ᠢᠯᠡᠷᠡᠳᠡᠭ᠌ ᠪᠠᠢ᠌ᠭᠰᠠᠨ ᠶᠤᠮ
ᠦᠨᠳᠦᠰᠦᠳᠠᠨ ᠤ ᠨᠠᠷᠠ ᠶᠢ ᠳᠡᠯᠡᠭᠡᠢ ᠳᠠᠭᠢᠨ ᠳᠤ ᠬᠠᠩᠭᠢᠨᠠᠭᠤᠯᠤᠨ ᠴᠤᠤᠷᠢᠶᠠᠳᠤᠭᠤᠯᠤᠭᠰᠠᠨ ᠨᠢ
ᠦᠷᠦ ᠵᠥᠭᠡᠯᠡᠨ ᠴᠤ ᠡᠷᠡᠯᠭᠡᠭ᠌ ᠰᠦᠰᠦ ᠲᠡᠶ ᠮᠤᠩᠭ᠋ᠤᠯ ᠭᠦᠮᠤᠨ ᠪᠠᠢ᠌ᠭᠰᠠᠨ ᠶᠤᠮ
ᠦᠷᠦᠨ᠎ᠠ ᠳᠤᠷᠤᠨ᠎ᠠ ᠶᠢ ᠠᠭᠳᠠ ᠶᠢᠨ ᠳᠤᠭᠤᠷᠠᠢ ᠪᠠᠷ ᠳᠤᠩᠰᠤᠯᠭᠠᠨ ᠳᠦᠪᠰᠢᠦᠡᠭᠡᠭ᠍ᠰᠡᠨ ᠨᠢ
ᠥᠷᠯᠦᠭ᠌ ᠪᠣᠭᠳᠠ ᠴᠢᠩᠭᠢᠰ ᠤᠨ ᠠᠷᠪᠠᠨ ᠭᠤᠷᠪᠠᠳᠤᠭᠠᠷ ᠵᠠᠭᠤᠨ ᠪᠠᠢ᠌ᠭᠰᠠᠨ ᠶᠤᠮ
ᠴᠠᠭᠠᠨ ᠨᠤᠤᠯᠤᠷ ᠶᠢᠡᠷ ᠶᠢᠡᠨ ᠬᠤᠷᠸ᠎ᠠ ᠳᠤ ᠠᠯᠳᠠᠷᠰᠢᠭᠰᠠᠨ ᠢᠮᠠᠭᠠᠤᠨ ᠤᠨ ᠮᠢᠨᠢ
ᠴᠠᠢ᠌ᠯᠵᠠᠵᠤ ᠪᠠᠯᠴᠢᠨ ᠳᠠᠪᠠᠳᠠᠢ ᠢᠳᠡᠰᠢᠯᠡᠳᠡᠭ᠌ ᠳᠤᠷᠭᠠᠨ ᠪᠠᠯᠴᠢᠭᠡᠷ ᠳᠤ
ᠬᠠᠷ᠎ᠠ ᠨᠡᠭᠦᠷᠡᠰᠤ᠂ ᠬᠤᠵᠢᠷ ᠴᠠᠭᠢᠭᠤᠷ ᠪᠠᠢ᠌ᠨ ᠪᠠᠢ᠌ᠨ ᠢᠯᠠᠷᠠᠵᠤ
ᠬᠠᠭᠠᠯᠠᠭᠤᠯᠵᠤ ᠳᠡᠯᠪᠠᠴᠡᠭᠦᠯᠵᠤ ᠠᠭᠤᠳᠠᠯᠠᠭᠳᠠᠨ ᠮᠠᠯᠳᠠᠭᠳᠠᠭᠠᠤᠨ ᠰᠣᠢ᠌ᠤᠨ ᠪᠣᠯᠪᠠ
ᠡᠪᠠᠰᠤ ᠣᠷᠭᠤᠳᠠᠭ ᠪᠠᠯᠴᠢᠭᠡᠷ ᠶᠢᠠᠨ ᠡᠯᠡᠰᠤ ᠪᠣᠯᠵᠤ ᠬᠤᠪᠢᠷᠠᠨ᠎ᠠ ᠭᠡᠵᠤ
ᠡ᠊ᠨᠳᠡ ᠳᠠᠠᠳᠠ ᠡᠴᠡ ᠨᠢ ᠠᠩᠭᠢᠯᠠᠵᠤ᠂ ᠳᠤᠤᠷᠯᠠᠵᠤ ᠪᠢᠳᠡᠭᠦᠮᠵᠢᠯᠡᠭᠡᠳ ᠭᠡᠰᠡᠭᠯᠡᠪᠡ
ᠳᠠᠯ᠎ᠠ ᠳᠤ ᠶᠠᠪᠣᠳᠠᠭ ᠮᠠᠯ ᠶᠢᠡᠨ ᠳᠠᠷᠢᠶ᠎ᠠ ᠲᠦᠮᠦᠰᠦ ᠰᠥᠢᠦᠡᠭᠡᠨᠡ ᠭᠡᠵᠤ
ᠳᠠᠭᠢᠶ᠎ᠠ ᠨᠤᠬᠠᠢ ᠮᠠᠳᠤ ᠬᠠᠰᠢᠶᠠᠯᠠᠵᠤ ᠳᠠᠢ᠌ᠰᠤᠨ ᠶᠠᠯᠠᠳᠠᠨ ᠠᠳᠠᠯᠢ ᠬᠤᠷᠢᠪᠠ
ᠥᠰᠭᠦ ᠡᠴᠡ ᠰᠤᠷᠤᠭᠰᠠᠨ ᠦᠨᠳᠦᠰᠦᠨ ᠭᠡᠯᠡ ᠪᠠᠨ ᠮᠠᠷᠳᠠᠳᠠᠭ ᠨᠢ ᠮᠠᠷᠳᠠᠵᠤ
ᠥᠭᠦᠳᠡᠯ᠎ᠡ ᠣᠷᠤᠰᠢᠬᠤ ᠲᠦᠷᠦᠯᠭᠢ ᠨᠤᠳᠤᠭ ᠡᠴᠡ ᠪᠠᠨ ᠰᠠᠯᠳᠠᠭ ᠨᠢ ᠰᠠᠯᠵᠤ
ᠦᠪᠡᠷ ᠤᠨ ᠭᠡᠰᠡᠨ ᠥᠭᠡ ᠭᠡᠯᠡ᠂ ᠣᠰᠤ ᠪᠠᠯᠴᠢᠭᠡᠷ ᠵᠢᠠᠨ
ᠥᠭᠡᠢ᠌ᠯᠡᠵᠤ ᠰᠠᠭᠤᠳᠠᠭ ᠨᠢ ᠦᠨᠦᠳᠤᠷ ᠤᠨ ᠭᠦᠭᠡᠷᠦᠭᠦᠢ ᠮᠤᠩᠭ᠋ᠤᠯᠴᠤᠳ ᠪᠣᠯᠪᠠ
ᠳᠠᠮᠳᠤᠭᠯᠠᠭᠳᠠᠵᠤ ᠭᠡᠰᠡᠭᠯᠡᠳᠡᠭ᠍ᠰᠡᠨ ᠮᠠᠯ ᠤᠨ ᠪᠠᠯᠴᠢᠭᠡᠷ ᠶᠢᠡᠨ ᠬᠠᠷᠠᠨ ᠬᠠᠷᠠᠨ ᠰᠡᠭᠦᠷᠡᠰᠦᠯᠡᠵᠤ
ᠳᠠᠯ᠎ᠠ ᠨᠤᠳᠤᠭ ᠶᠢᠡᠨ ᠰᠠᠢ᠌ᠬᠠᠨ ᠭᠡᠵᠤ ᠪᠢᠳᠠ ᠵᠢᠷᠠᠨ ᠵᠢᠯ ᠳᠠᠭᠤᠯᠠᠪᠠ
ᠳᠠᠭᠠᠨ᠎ᠠ ᠭᠦᠮᠡᠯᠢ᠂ ᠳᠠᠷᠠᠭ ᠠᠢ᠌ᠷᠠᠭ ᠶᠢᠡᠨ ᠳᠠᠨᠢᠬᠤ ᠦᠭᠡᠶ ᠪᠣᠯᠤᠭᠰᠠᠨ ᠬᠡᠦᠬᠡᠳ ᠳᠡᠭᠡᠨ
ᠳᠠᠷᠬᠠᠨ ᠭᠡᠯᠡ ᠪᠠᠨ ᠭᠡᠷᠡᠭ᠌ ᠦᠭᠡᠶ ᠭᠡᠵᠤ ᠳᠦᠷᠪᠡᠯᠵᠢᠨ ᠥᠰᠦᠭ᠌ ᠵᠢᠭᠠᠪᠠ
ᠳᠡᠭ᠍ᠷᠢ ᠰᠢᠭ᠌ ᠭᠦᠭᠡ ᠦᠨᠳᠦᠰᠦᠳᠠᠨ ᠭᠠᠵᠠᠷ ᠪᠣᠯᠵᠤ ᠰᠢᠷᠭᠠᠯᠳᠤᠪᠠ
ᠳᠠᠮᠤᠷ ᠰᠢᠭ᠌ ᠬᠠᠳᠠᠭᠤ ᠮᠤᠩᠭ᠋ᠤᠯᠴᠤᠳ ᠭᠦᠪᠦᠩ ᠪᠣᠯᠵᠤ ᠵᠥᠭᠡᠯᠡᠷᠡᠪᠡ
ᠳᠡᠷᠯᠢᠭ᠌ ᠤᠨ ᠣᠷᠳᠤ ᠬᠤᠷᠮᠤᠢ᠂ ᠭᠤᠳᠤᠯ ᠤᠨ ᠵᠤᠵᠠᠭᠠᠨ ᠢᠰᠡᠭᠡᠢ
ᠳᠡᠦᠭᠡ ᠶᠢᠨ ᠭᠠᠯ ᠳᠤ ᠰᠢᠳᠠᠭᠳᠠᠵᠤ ᠦᠨᠡᠰᠤ ᠪᠣᠯᠵᠤ ᠵᠠᠮᠬᠠᠷᠠᠪᠠ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ
ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2651
ᠴᠠᠭ᠄ 2009 ᠤᠨ ᠤ 12 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ