ᠨᠡᠪᠲᠡᠷᠡᠨ ᠤᠷᠤᠬᠤ
ᠠᠷᠢᠭᠢ

ᠭᠡᠷᠡᠭᠯᠡᠵᠤ ᠴᠢᠳᠠᠬᠤ ᠦᠶ᠎ᠡ ᠳ᠋ᠤ

ᠭᠡᠷᠡᠭ᠍ᠴᠡᠭᠡ ᠨᠢ ᠪᠠᠳᠠᠷᠠᠭᠠᠤᠨ

ᠪᠠᠯ

ᠭᠡᠳᠦᠷᠡᠭᠦᠤ ᠵᠠᠷᠤᠬᠤ ᠦᠶ᠎ᠡ ᠳ᠋ᠤ

ᠭᠡᠷᠡᠭ᠌ ᠳᠠᠳᠠᠭᠠᠤᠨ

ᠫᠠᠯ

ᠵᠤᠭᠢᠰᠳᠠᠢ ᠡᠳ᠋ᠯᠡᠭᠦ ᠦᠶ᠎ᠡ ᠳ᠋ᠤ

ᠵᠤᠴᠢᠨ ᠨᠠᠢ᠌ᠵᠠ ᠵᠢᠨ

ᠳᠠᠯ᠎ᠠ

ᠵᠢᠯᠤᠭᠤ ᠦᠭᠡᠶ ᠣᠤᠭᠤᠬᠤ ᠶᠢᠨ ᠦᠶ᠎ᠡ ᠳ᠋ᠤ

ᠵᠤᠪᠠᠯᠠᠩ ᠠᠪᠴᠢᠷᠠᠬᠤ

ᠬᠠᠯᠠ

ᠠᠪᠰᠠᠷᠬᠠᠨ ᠵᠤᠭᠤᠭᠯᠠᠬᠤ ᠦᠶ᠎ᠡ ᠳ᠋ᠤ

ᠠᠬ᠎ᠠ ᠳᠡᠭᠦᠤ ᠬᠠᠨᠢ ᠵᠢᠨ

ᠵᠤᠯ

ᠠᠬᠠᠳᠠᠭᠤᠯᠵᠤ ᠳᠡᠭᠡᠷᠡᠳᠡᠭᠦᠯᠭᠦ ᠶᠢᠨ ᠦᠶ᠎ᠡ ᠳ᠋ᠤ

ᠠᠶᠤᠤᠯᠢᠬᠠᠢ ᠳᠤ ᠨᠤᠴᠤᠬᠤ

ᠭᠠᠯ

ᠡᠳ᠋ᠯᠡᠵᠤ ᠴᠢᠳᠠᠬᠤ ᠭᠦᠮᠦᠰ ᠳᠤ

ᠡᠪ ᠨᠠᠢ᠌ᠷ ᠤᠨ

ᠬᠤᠯᠪᠣᠭ᠎ᠠ

ᠡᠯᠢᠭᠡ ᠪᠠᠨ ᠰᠫᠢᠷᠲ᠋ᠳᠠᠯ᠎ᠠ ᠰᠢᠨᠤᠭᠴᠢᠳ ᠳᠤ

ᠡᠷᠯᠢᠭ᠌ ᠲᠤ ᠠᠪᠠᠴᠢᠬᠤ ᠵᠢᠨ

ᠴᠤᠪᠣᠭ᠎ᠠ

ᠰᠤᠶᠤᠯ ᠶᠢᠡᠷ ᠭᠡᠷᠡᠭᠯᠡᠭ᠍ᠴᠢᠳ ᠤᠨ ᠭᠠᠷ ᠳᠤ

ᠰᠤᠷᠳᠠᠯ ᠪᠣᠯᠪᠠᠰᠤᠨ

ᠵᠠᠩᠰᠢᠯ

ᠰᠤᠷᠳᠤᠭᠤ ᠪᠠᠷ ᠵᠠᠷᠤᠭᠰᠠᠤᠨ ᠤᠨ ᠭᠠᠷ ᠳᠤ

ᠰᠥᠢᠦᠡᠭᠡᠵᠤ ᠪᠦᠷᠢᠯᠭᠡᠭᠦ

ᠵᠠᠰᠠᠯ

ᠳᠠᠮᠤᠵᠢᠨ ᠤ ᠰᠤᠷᠭᠠᠯ ᠢ ᠴᠡᠭᠡᠵᠢᠯᠡᠭ᠍ᠰᠡᠳ ᠳᠤ

ᠳᠤᠭ᠎ᠠ ᠲᠡᠶ ᠭᠡᠮ ᠳᠠᠢ

ᠢᠳᠡᠭᠡᠨ

ᠳᠡᠦᠭᠡ ᠣᠯᠠᠮᠵᠢᠯᠠᠯ ᠶᠢᠡᠨ ᠮᠠᠷᠳᠠᠭᠰᠠᠤᠨ ᠳᠤ

ᠳᠤᠯᠤᠭᠠᠢ ᠪᠠᠷ ᠶᠢᠡᠨ ᠨᠠᠭᠠᠳᠬᠤ ᠵᠢᠨ

ᠳᠠᠪᠵᠢᠶᠠᠨ᠃


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠭᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2010 ᠤᠨ ᠤ 01 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ