ᠨᠡᠪᠲᠡᠷᠡᠨ ᠤᠷᠤᠬᠤ
ᠲᠦᠮᠡᠳ ᠤᠨ ᠳᠠᠯ᠎ᠠ

ᠲᠦᠮᠡᠳ ᠤᠨ ᠳᠠᠯ᠎ᠠ ᠶᠢᠨ ᠪᠢᠯᠵᠤᠤᠬᠠᠢ ᠪᠣᠳᠤᠯ ᠳᠠᠯᠳᠠᠵᠤ ᠪᠣᠰᠪᠠ

ᠲᠦᠷᠦ ᠶᠢᠨ ᠣᠬᠠᠭᠳᠠᠬᠤᠨ ᠢ ᠮᠠᠳᠠᠵᠤ

ᠣᠷᠳᠤ ᠶᠢᠨ ᠳᠠᠭᠤᠤ ᠰᠢᠭ

ᠠᠭᠤᠵᠢᠷᠠᠵᠤ ᠴᠢᠳᠠᠭ᠎ᠠ ᠦᠭᠡᠶ

ᠣᠢ᠌ᠤᠠᠬᠠᠷᠳᠠᠢ ᠨᠡᠯᠡᠢ᠌ᠭᠦ ᠠᠭᠤᠳᠠᠮ ᠳᠠᠯ᠎ᠠ ᠨᠢ

ᠠᠯᠳᠠᠨ ᠬᠠᠭᠠᠨ ᠤ

ᠠᠳᠤᠭᠤᠨ ᠴᠢᠮᠡᠭᠡ ᠭᠦᠯᠢᠶᠡᠵᠤ ᠪᠣᠭᠤᠷᠤᠯᠳᠤᠪᠠ᠃

ᠬᠠᠢ᠌ᠷ᠎ᠠ ᠡᠵᠡᠭᠦᠢᠷᠡᠭ᠍ᠰᠡᠨ ᠭᠠᠴᠢᠭ ᠣᠷᠳᠤ ᠵᠠᠭᠤᠨ ᠳᠤ

ᠬᠠᠮᠤᠭ ᠪᠠᠢ᠌ᠳᠠᠭ ᠶᠢᠡᠨ ᠦᠷ᠎ᠡ ᠳᠡᠭᠡᠨ ᠪᠢᠰᠢ ᠥᠷᠦᠭᠡᠯ ᠳᠤ ᠡᠷᠭᠦᠵᠤ

ᠨᠢᠯᠪᠣᠰᠤ ᠲᠡᠶ ᠢᠨᠢᠶᠠᠪᠠ᠃

ᠢᠪᠢᠯᠭᠦ ᠪᠠᠨ ᠮᠠᠷᠳᠠᠭᠰᠠᠨ ᠭᠦᠭᠦᠨ ᠡᠴᠠ ᠨᠢ

ᠢᠷᠡᠭᠡᠳᠦᠢ ᠪᠠᠵᠠᠵᠤ ᠰᠢᠮᠠᠨ᠎ᠠ᠃

ᠶᠠᠭᠠᠭᠢᠪᠠᠯ ᠶᠠᠭᠠᠭᠢᠭ

ᠪᠠᠢ᠌ᠯᠳᠤᠪᠠᠯ ᠪᠠᠢ᠌ᠯᠳᠤᠶ᠎ᠠ

ᠳᠠᠢ᠌ᠯᠪᠠᠯ ᠬᠠᠭᠠᠨ ᠪᠣᠯᠤᠶ᠎ᠠ

ᠳᠡᠢ᠌ᠯᠦᠭ᠍ᠳᠡᠪᠠᠯ ᠬᠤᠯᠠᠭᠠᠢ ᠪᠣᠯᠤᠶ᠎ᠠ︕

ᠪᠠᠷᠠᠭᠳᠠᠰᠢ ᠦᠭᠡᠶ ᠨᠠᠰᠤ ᠪᠢᠰᠢ ᠶᠤᠮ ᠪᠣᠯᠬᠤᠷ

ᠪᠠᠢ᠌ᠯᠳᠤᠭᠠᠤᠨ ᠥᠭᠦᠪᠠᠯ ᠪᠠᠭᠠᠳᠤᠷ ᠪᠣᠯᠤᠶ᠎ᠠ︕

ᠪᠠᠷᠢᠯᠳᠤᠪᠠᠯ ᠪᠠᠷᠢᠯᠳᠤᠶ᠎ᠠ

ᠪᠠᠷᠢᠯᠳᠤᠭᠠᠤᠨ ᠳᠠᠢ᠌ᠯᠪᠠᠯ ᠮᠠᠩᠯᠠᠢ ᠰᠢᠭᠦᠷᠦᠶ᠎ᠡ

ᠰᠢᠷᠣᠢ᠌ᠳᠠᠪᠠᠯ ᠰᠢᠷᠣᠢ᠌ᠳᠠ

ᠨᠤᠳᠤᠭ ᠤᠨ ᠶᠢᠡᠨ ᠠᠯᠳᠠᠨ ᠰᠢᠷᠤᠢ ᠳᠡᠭᠡᠷ᠎ᠡ

ᠰᠥᠭᠦᠳᠴᠤ ᠠᠮᠠᠷᠠᠶ᠎ᠠ︕


2007.3 ᠰᠠᠷ᠎ᠠ᠂ ᠰᠸᠴᠤᠸᠠᠨ ᠴᠸᠩᠳᠦ᠋ ᠬᠤᠳᠠᠨ᠎ᠠ


ᠴᠢᠩᠭᠢᠰ ᠳᠤᠮᠢᠶ᠎ᠠ


ᠳᠡᠦᠭᠡ ᠠᠷᠴᠢᠭ᠎ᠠ ᠦᠭᠡᠶ ᠮᠥᠩᠭᠡ ᠶᠢᠨ ᠦᠨᠡᠨ

ᠵᠠᠭᠤᠨ ᠵᠠᠭᠤᠨ ᠤ ᠭᠠᠭᠴᠠᠬᠠᠨ ᠰᠠᠳᠤᠪ

ᠳᠡᠯᠡᠭᠡᠢ ᠴᠡᠴᠡᠷᠡᠭᠦᠯᠦᠭ᠍ᠰᠡᠨ ᠠᠩᠬᠠᠷᠠᠭᠤᠯᠬᠤ ᠴᠡᠭ᠌

ᠪᠦᠮᠪᠦᠷᠴᠡᠭ᠌ ᠲᠤ ᠳᠠᠯᠪᠢᠭᠰᠠᠨ ᠠᠰᠠᠭᠤᠯᠳᠠ ᠶᠢᠨ ᠳᠡᠮᠳᠡᠭ᠌

ᠪᠠᠰᠠ ᠥᠷᠭᠦᠯᠵᠢᠯᠡᠭᠦ ᠴᠤᠪᠣᠭ᠎ᠠ ᠴᠡᠭ᠌

ᠪᠠᠢ᠌ᠩᠭ᠋ᠤ ᠳᠠᠯᠪᠢᠭᠳᠠᠬᠤ ᠳᠠᠪᠬᠤᠷ ᠴᠡᠭ᠌

ᠪᠠᠷᠢᠯᠳᠤᠵᠤ ᠥᠰᠦᠭ᠍ᠰᠡᠨ ᠨᠢᠭᠡ

ᠪᠠᠢ᠌ᠯᠳᠤᠵᠤ ᠶᠠᠪᠣᠭᠰᠠᠨ ᠬᠤᠶᠠᠷ

ᠲᠦᠷᠦ ᠴᠤᠭᠴᠠᠯᠠᠭᠰᠠᠨ ᠭᠤᠷᠪᠠ

ᠲᠦᠮᠡᠨ ᠢ ᠵᠠᠭᠢᠷᠤᠭᠰᠠᠨ ᠳᠦᠷᠪᠡ

ᠭᠠᠪᠢᠶ᠎ᠠ ᠶᠢ ᠳᠠᠨ ᠭᠡᠯᠡᠪᠠᠯ ᠭᠢᠵᠠᠭᠠᠷᠭᠦᠢ ᠳᠤᠭ᠎ᠠ

ᠭᠠᠢ᠌ᠬᠠᠵᠤ ᠪᠢᠰᠢᠷᠡᠭᠦ ᠭᠦᠨ ᠣᠬᠠᠭᠠᠨ᠃

ᠰᠠᠭᠠᠷᠠᠯ ᠨᠠᠷᠠᠨ

ᠥᠭᠦᠯ ᠰᠢᠭ᠌ ᠬᠠᠳᠠᠭᠤ ᠴᠠᠭ ᠮᠦᠴᠡ

ᠦᠨᠳᠠᠯᠵᠠᠨ ᠪᠣᠰᠤᠭᠠᠤᠨ

ᠰᠤᠯᠢᠷ ᠨᠢᠳᠤ ᠲᠡᠶ ᠨᠠᠷᠠᠨ ᠮᠠᠠᠳᠤᠬᠤ ᠵᠥᠭ᠌ ᠡᠴᠠ

ᠳᠤᠭᠤᠰᠤ ᠪᠣᠷᠭᠢᠵᠤ ᠬᠠᠷᠠᠭᠳᠠᠪᠠ᠃

ᠪᠢ ᠬᠤᠷᠤᠰᠤᠯ ᠣᠤᠭᠤᠵᠤ ᠰᠤᠭᠳᠤᠭᠠᠤᠨ

ᠡᠳᠦᠷ ᠶᠢᠡᠷ ᠣᠳᠤ ᠬᠠᠷᠠᠭᠳᠠᠬᠤ ᠦᠭᠡᠶ

ᠣᠢ᠌ᠤᠠᠬᠠᠷ ᠲᠦᠷᠦᠪᠠ᠃

ᠪᠢ ᠮᠥᠭᠦᠯ ᠵᠥᠭ᠌ ᠮᠥᠯᠭᠦᠪᠡ

ᠨᠠᠳᠠ ᠳᠤᠰᠤᠯ ᠣᠰᠤᠨ ᠦᠭ‍ᠭᠦᠭᠡᠴᠢ︕

ᠡᠭᠡ ᠣᠷᠤᠨ ᠮᠢᠨᠢ᠃

ᠡᠷᠢᠯᠴᠢᠨ

ᠪᠢ ᠪᠣᠯ ᠡᠷᠢᠯᠴᠢᠨ

ᠦᠨᠢ ᠮᠥᠩᠭᠡ ᠶᠢᠨ ᠡᠷᠢᠯᠴᠢᠨ

ᠪᠢ ᠪᠣᠯ ᠡᠷᠢᠯᠴᠢᠨ

ᠪᠠᠷᠭᠡ ᠬᠤᠯᠠ ᠶᠢᠨ ᠡᠷᠢᠯ ᠳᠤ

ᠪᠠᠶ᠎ᠠ ᠪᠠᠨ ᠴᠥᠯᠡᠭᠦ ᠵᠠᠶᠠᠭᠠᠳᠠᠨ

ᠡᠯᠡᠰᠤᠨ ᠴᠦᠯ ᠡᠴᠠ ᠪᠢ

ᠪᠦᠷᠢᠳᠤ ᠪᠠᠨ ᠡᠷᠢᠪᠡ

ᠡᠭᠡ ᠳᠡᠯᠡᠭᠡᠢ ᠡᠴᠠ ᠪᠢ

ᠳᠠᠯ᠎ᠠ ᠪᠠᠨ ᠡᠷᠢᠪᠡ

ᠠᠽᠢ ᠶᠢᠨ ᠦᠪᠣᠷ ᠡᠴᠠ

ᠠᠳᠤᠭᠤ ᠪᠠᠨ ᠡᠷᠢᠪᠡ

ᠠᠷᠠᠤᠨ ᠲᠦᠮᠡᠨ ᠡᠴᠠ ᠪᠢ

ᠭᠡᠯᠡ ᠪᠠᠨ ᠡᠷᠢᠪᠡ

ᠦᠨᠡᠨ ᠳᠡᠦᠭᠡ ᠡᠴᠠ ᠪᠢ

ᠮᠤᠩᠭ᠋ᠤᠯ ᠶᠢᠡᠨ ᠡᠷᠢᠪᠡ

ᠪᠦᠷᠳᠡ ᠶᠢᠨ ᠴᠠᠪᠠᠷ ᠴᠢᠰᠤ ᠡᠷᠢᠪᠡ

ᠪᠦᠭᠦᠳᠡ ᠲᠦᠮᠡᠨ ᠤ ᠰᠢᠳᠦᠭᠡᠨ ᠡᠷᠢᠪᠡ

ᠪᠢᠴᠢᠶ᠎ᠠ ᠭᠡᠰᠡᠨ ᠰᠢᠯᠦᠭ᠌ ᠶᠢᠡᠨ ᠴᠤ ᠡᠷᠢᠪᠡ

ᠪᠠᠶ᠎ᠠ ᠪᠠᠨ ᠴᠤ ᠡᠷᠢᠪᠡ᠃

ᠪᠢ ᠪᠣᠯ ᠡᠷᠢᠯᠴᠢᠨ

ᠣᠭᠢᠯᠠᠵᠤ ᠳᠠᠢ᠌ᠤᠠᠬᠤᠷᠬᠤ ᠳᠤᠷ᠎ᠠ ᠦᠭᠡᠶ ᠴᠤ

ᠣᠭᠢᠯᠠᠵᠤ ᠯᠠ ᠳᠠᠢ᠌ᠤᠠᠬᠤᠷᠬᠤ ᠡᠷᠢᠯᠴᠢᠨ ᠶᠤᠮ᠃


2006.12.9 ᠳᠠᠪᠴᠠᠭ ᠪᠠᠯᠭᠠᠰᠤᠨ᠎ᠠ


ᠵᠤᠬᠢᠶᠠᠭᠴᠢ ᠶᠢᠨ ᠬᠠᠶ‍ᠢᠭ᠄ ᠣᠳᠤᠭ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠨᠠ᠊·ᠰᠠᠴᠠᠠᠳᠠᠯᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2009 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ