☆ ᠽᠠᠠᠳᠠᠨ
ᠬᠠᠢ᠌ᠷᠠᠳᠤ ᠳᠡᠭᠦᠤ ᠪᠠᠳᠤᠪᠠᠶᠠᠷ ᠶᠢᠡᠨ ᠳᠤᠷᠠᠳᠬᠠᠬᠤ ᠨᠢ
ᠮᠢᠨᠤ ᠳᠡᠭᠦᠤ ᠪᠠᠳᠤᠪᠠᠶᠠᠷ 1949 ᠣᠨ ᠤ 12 ᠰᠠᠷ᠎ᠠ ᠶᠢᠨ 15 ᠊ᠤ ᠡᠳᠦᠷ ᠵᠤᠤ ᠣᠳᠠ ᠠᠢ᠌ᠮᠠᠭ (ᠣᠳᠤ ᠶᠢᠨ ᠣᠯᠠᠭᠠᠠᠬᠠᠳᠠ ᠬᠤᠳᠠ) ᠤᠨ ᠪᠠᠶᠠᠠᠠᠠᠭᠤᠯᠠ ᠰᠤᠮᠤ ᠶᠢᠨ ᠬᠠᠷᠠᠪᠠᠢ᠌ᠴᠠ ᠭᠠᠴᠠᠭᠠᠨ ᠳᠤ ᠮᠠᠠᠳᠤᠯᠠᠵᠤ 1986 ᠣᠨ ᠤ 12 ᠰᠠᠷ᠎ᠠ ᠶᠢᠨ 22 ᠊ᠤ ᠡᠳᠦᠷ ᠬᠦᠬᠡᠬᠤᠲᠠ ᠳᠤ ᠡᠪᠡᠳᠴᠢᠨ ᠶᠢᠡᠷ ᠨᠠᠰᠤ ᠨᠥᠭ᠍ᠴᠢᠭ᠍ᠰᠡᠨ ᠶᠤᠮ᠃
ᠭᠦᠮᠤᠨ ᠤ ᠶᠢᠷᠳᠢᠠᠴᠤ ᠶᠢᠨ ᠡᠭᠡᠳᠡᠷᠡᠭᠡᠡᠳᠤ ᠬᠤᠷᠸ᠎ᠠ ᠳᠤ ᠣᠬᠤᠷᠬᠠᠨ ᠭᠤᠴᠢᠨ ᠨᠢ᠋ᠮᠠᠨ ᠬᠠᠪᠣᠷ ᠨᠠᠮᠤᠷ ᠢ ᠡᠯᠡᠭᠡᠭᠦ ᠳᠡᠭᠡᠨ ᠳᠡᠭᠦᠤ ᠮᠢᠨᠢ ᠦᠨᠳᠦᠰᠦᠳᠠᠨ ᠤ ᠪᠠᠨ ᠥᠭᠡ ᠭᠡᠯᠡ ᠥᠰᠦᠭ᠌ ᠪᠢᠴᠢᠭ᠌᠂ ᠮᠤᠩᠭ᠋ᠤᠯ ᠣᠤᠠᠬ᠎ᠠ ᠵᠤᠬᠢᠶᠠᠯ᠂ ᠣᠷᠠᠨ ᠪᠦᠳᠦᠭᠡᠯ ᠤᠨ ᠶᠢᠡᠨ ᠲᠦᠯᠦᠭᠡ ᠣᠶᠤᠨ ᠣᠬᠠᠭᠠᠨ ᠶᠢᠡᠨ ᠰᠢᠪᠬᠠᠨ᠂ ᠠᠮᠢ ᠪᠠᠶ᠎ᠠ ᠪᠠᠨ ᠴᠦᠯᠠᠵᠤ᠂ ᠪᠠᠯᠠᠷᠠᠰᠢ ᠦᠭᠡᠶ ᠬᠤᠪᠢ ᠵᠢᠳᠭᠦᠯ ᠶᠢᠡᠨ ᠥᠯᠡᠳᠡᠭᠡᠭ᠍ᠰᠡᠨ ᠶᠤᠮ᠃
ᠳᠠᠷᠠ ᠮᠢᠨᠢ ᠬᠤᠷᠢ ᠶᠢᠰᠤ ᠲᠡᠶ ᠵᠢᠯ ᠳᠡᠭᠡᠨ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠰᠤᠳᠤᠯᠬᠤ ᠰᠤᠷᠤᠭᠴᠢ ᠪᠠᠷ ᠰᠢᠯᠭᠠᠨ ᠣᠷᠤᠵᠤ᠂ ᠭᠤᠴᠢᠨ ᠬᠤᠶᠠᠷ ᠨᠠᠰᠤᠳᠠᠢ ᠳᠠᠭᠠᠨ ᠳᠠᠳ᠋ ᠡᠷᠳᠡᠮᠳᠡᠨ ᠴᠤᠯᠠ ᠬᠠᠮᠠᠭᠠᠯᠠᠭᠰᠠᠨ ᠶᠤᠮ᠃ ᠳᠡᠭᠡᠭᠦ ᠮᠦᠷᠳᠡᠭᠡᠨ ᠦᠪᠣᠷ ᠮᠤᠩᠭ᠋ᠤᠯ ᠤᠨ ᠣᠤᠠᠬ᠎ᠠ ᠵᠤᠬᠢᠶᠠᠯ ᠤᠨ ᠨᠡᠢ᠌ᠭᠡᠮᠯᠢᠭ᠌ ᠤᠨ ᠭᠡᠰᠢᠭᠦᠨ᠂ ᠳᠤᠮᠳᠠᠳᠤ ᠣᠯᠤᠰ ᠤᠨ ᠣᠳᠤ ᠦᠶ᠎ᠡ ᠶᠢᠨ ᠣᠤᠠᠬ᠎ᠠ ᠵᠤᠬᠢᠶᠠᠯ ᠰᠤᠳᠤᠯᠬᠤ ᠬᠤᠷᠠᠯ ᠤᠨ ᠦᠪᠣᠷ ᠮᠤᠩᠭ᠋ᠤᠯ ᠤᠨ ᠬᠤᠪᠢᠶᠠᠷᠢ ᠬᠤᠷᠠᠯ ᠤᠨ ᠭᠡᠰᠢᠭᠦᠨ᠂ ᠳᠤᠮᠳᠠᠳᠤ ᠣᠯᠤᠰ ᠤᠨ ᠵᠤᠬᠢᠶᠠᠯᠴᠢᠳ ᠤᠨ ᠡᠪᠯᠡᠯ ᠤᠨ ᠦᠪᠣᠷ ᠮᠤᠩᠭ᠋ᠤᠯ ᠤᠨ ᠬᠤᠪᠢᠶᠠᠷᠢ ᠡᠪᠯᠡᠯ ᠤᠨ ᠭᠡᠰᠢᠭᠦᠨ᠂ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠮᠤᠩᠭ᠋ᠤᠯ ᠭᠦᠨ ᠣᠬᠠᠭᠠᠨ ᠵᠢᠭᠠᠨ ᠰᠤᠳᠤᠯᠬᠤ ᠳᠠᠰᠤᠭ ᠤᠨ ᠳᠠᠰᠤᠭ ᠤᠨ ᠳᠠᠷᠤᠭ᠎ᠠ᠂ 《ᠠᠯᠳᠠᠨ ᠲᠦᠯᠭᠢᠭᠦᠷ》 ᠰᠡᠳᠭᠦᠯ ᠤᠨ ᠨᠠᠢ᠌ᠷᠠᠭᠤᠯᠤᠭᠴᠢ ᠵᠡᠷᠭᠡ ᠠᠵᠢᠯ ᠢ ᠬᠠᠷᠢᠭᠤᠴᠠᠨ ᠡᠭᠦᠷᠭᠡᠯᠡᠵᠤ ᠪᠠᠢ᠌ᠭᠰᠠᠨ ᠪᠢᠯᠠ᠃
ᠨᠠᠮᠢ᠋ᠢ ᠠᠷᠪᠠᠨ ᠨᠠᠰᠤᠳᠠᠢ ᠳᠠᠷᠠ ᠵᠢᠯ ᠳᠡᠭᠦᠤ ᠮᠢᠨᠢ ᠨᠢᠷᠠᠢ ᠳᠠᠭᠤᠨ ᠶᠢᠡᠨ ᠵᠢᠩᠭᠢᠨᠡᠭᠦᠯᠤᠨ ᠡᠨᠡ ᠳᠡᠯᠡᠭᠡᠢ ᠳᠤ ᠢᠷᠡᠭ᠍ᠰᠡᠨ ᠶᠤᠮ᠃ ᠳᠡᠭᠦᠤ ᠲᠡᠶ ᠪᠣᠯᠤᠭᠰᠠᠨ ᠮᠢᠨᠤ ᠳᠠᠷᠠ ᠪᠠᠶᠠᠷᠯᠠᠭᠰᠠᠨ ᠭᠡᠳᠡᠭ᠌ ᠢ ᠶᠠᠭᠤ ᠲᠡᠶ ᠴᠤ ᠵᠥᠢᠷᠯᠡᠭᠦ ᠶᠢᠨ ᠠᠷᠭ᠎ᠠ ᠠᠯᠭ᠎ᠠ᠃ ᠪᠢ ᠦᠷᠯᠦᠭᠡ ᠪᠣᠰᠤᠮᠠᠭᠴᠠ ᠳᠡᠭᠦᠨ ᠶᠢᠡᠨ ᠦᠨᠦᠰᠤᠨ ᠥᠭᠦᠭᠡᠷᠳᠡᠵᠤ᠂ ᠡᠳᠦᠷ ᠤᠨ ᠭᠢᠴᠢᠶᠠᠯ ᠳᠠᠷᠬᠠᠭᠰᠠᠭᠠᠷ ᠰᠤᠷᠭᠠᠭᠤᠯᠢ ᠡᠴᠡ ᠪᠠᠨ ᠭᠡᠷ ᠵᠥᠭ᠌ ᠶᠢᠡᠨ ᠳᠡᠪᠭᠡᠷᠡᠨ ᠬᠠᠷᠠᠢ᠌ᠭᠰᠠᠭᠠᠷ ᠬᠠᠷᠢᠵᠤ ᠢᠷᠡᠭᠡᠳ ᠳᠠᠪᠠᠷᠢᠨ ᠳᠠᠭᠠᠯᠠᠵᠤ ᠰᠠᠭᠠᠳᠠᠭᠤᠯᠳᠠᠭ᠃ ᠡᠳᠦᠷ ᠬᠤᠨᠤᠭ ᠤᠨ ᠥᠩᠭᠡᠷᠡᠭᠦ ᠭᠡᠭ᠍ᠴᠢ ᠦᠳᠦᠳᠤ ᠰᠤᠮᠤ ᠮᠠᠳᠤ᠂ ᠣᠳᠠᠯ ᠦᠭᠡᠶ ᠳᠡᠭᠦᠤ ᠮᠢᠨᠢ ᠭᠦᠯ ᠳᠤ ᠣᠷᠤᠭᠰᠠᠨ ᠡᠴᠡ ᠨᠠᠳᠠ ᠲᠡᠶ ᠳᠤᠭᠤᠯ ᠳᠤ ᠶᠠᠪᠣᠭᠰᠠᠨ ᠴᠤ᠂ ᠳᠤᠬᠤᠭᠤᠷᠬᠠᠵᠤ ᠨᠠᠭᠠᠳᠤᠭᠰᠠᠨ ᠴᠤ ᠳᠦᠭᠡ ᠰᠠᠯᠤᠯ ᠦᠭᠡᠶ ᠬᠠᠮᠳᠤ ᠪᠠᠢ᠌ᠯᠴᠠᠵᠤ᠂ ᠠᠷᠪᠠ ᠰᠢᠬᠠᠮ ᠵᠢᠯ ᠨᠤᠤᠷᠠᠯᠳᠤᠨ ᠥᠰᠦᠭ᠍ᠰᠡᠨ ᠪᠢᠯᠠ᠃ 1958 ᠣᠨ ᠳᠤ ᠳᠡᠭᠦᠤ ᠶᠢᠨ ᠮᠢᠨᠢ ᠶᠢᠰᠤᠨ ᠨᠠᠰᠤᠳᠠᠢ ᠵᠢᠯ ᠪᠢ ᠠᠷᠠᠤᠨ ᠤᠨ ᠴᠢᠯᠦᠭᠡᠯᠡᠭᠦ ᠴᠡᠷᠢᠭ᠌ ᠲᠤ ᠡᠯᠰᠡᠭ᠍ᠳᠡᠨ ᠶᠠᠪᠣᠵᠤ᠂ ᠬᠤᠵᠢᠮ ᠨᠢ ᠠᠵᠢᠯ ᠤᠨ ᠬᠠᠷᠠᠭ᠎ᠠ ᠪᠠᠷ ᠠᠢ᠌ᠮᠠᠭ ᠬᠤᠯᠠ ᠠᠯᠤᠰᠯᠠᠭᠰᠠᠨ ᠡᠴᠡ ᠳᠡᠭᠦᠤ ᠲᠡᠶ ᠪᠠᠨ ᠠᠭᠢᠵᠤ ᠬᠠᠨᠢ ᠪᠣᠯᠤᠯᠴᠠᠨ ᠬᠠᠮᠳᠤ ᠭᠦᠦᠷᠨᠢᠯᠳᠦᠭᠦ ᠴᠠᠭ ᠵᠠᠪᠰᠢᠶᠠᠨ ᠲᠤᠩ ᠬᠤᠪᠣᠷ ᠪᠣᠯᠤᠭᠰᠠᠨ ᠶᠤᠮ᠃
ᠳᠡᠭᠦᠤ ᠮᠢᠨᠢ ᠬᠠᠷᠠᠬᠠᠨ ᠪᠠᠭ᠎ᠠ ᠡᠴᠡ ᠪᠠᠨ ᠴᠤᠪᠣᠭᠤ ᠰᠡᠷᠭᠦᠯᠡᠩ ᠪᠠᠢ᠌ᠳᠠᠭ ᠡᠴᠡ ᠭᠢᠴᠢᠶᠠᠯ ᠰᠤᠷᠤᠯᠭ᠎ᠠ ᠳᠤ ᠪᠠᠨ ᠣᠠᠴᠠ ᠰᠠᠢ᠌ᠨ ᠭᠢᠷᠢ ᠪᠦᠳᠦᠮᠵᠢ ᠲᠡᠶ ᠭᠢᠯᠠᠷᠠᠭᠤᠯᠤᠨ ᠪᠠᠢ᠌ᠵᠤ᠂ ᠬᠤᠭᠤᠴᠠᠭ᠎ᠠ ᠪᠣᠯᠭᠠᠨ ᠤ ᠰᠤᠷᠤᠯᠭ᠎ᠠ ᠶᠢᠨ ᠠᠮᠵᠢᠯᠳᠠ᠂ ᠱᠠᠩᠨᠠᠯ ᠭᠦᠭᠢᠭᠦᠯᠦᠯ ᠭᠦᠷᠳᠡᠭ᠍ᠰᠡᠨ ᠵᠡᠷᠭᠡ ᠪᠠᠨ ᠵᠠᠭᠢᠳᠠᠯ ᠶᠢᠡᠷ ᠮᠡᠳᠡᠭ᠍ᠳᠡᠵᠤ᠂ ᠠᠯᠤᠰ ᠲᠤ ᠪᠠᠢ᠌ᠭ᠎ᠠ ᠠᠬ᠎ᠠ ᠨᠠᠳᠠ ᠶᠢ ᠪᠠᠨ ᠪᠠᠶᠠᠷᠯᠠᠭᠤᠯᠤᠨ ᠣᠮᠤᠭᠰᠢᠭᠤᠯᠵᠤ ᠪᠠᠢ᠌ᠳᠠᠭ ᠰᠠᠨ᠃ ᠳᠡᠭᠦᠤ ᠶᠢᠨ ᠮᠢᠨᠢ ᠦᠨᠳᠦᠷ ᠵᠡᠷᠭᠡ ᠶᠢᠨ ᠳᠡᠭᠡᠳᠤ ᠳᠤᠮᠳᠠᠳᠤ ᠰᠤᠷᠭᠠᠭᠤᠯᠢ ᠳᠤ ᠰᠤᠷᠤᠯᠴᠠᠵᠤ ᠪᠠᠢ᠌ᠬᠤ ᠳᠤ ᠨᠢ 《ᠥᠭᠡᠢ᠌ᠭᠦᠤ ᠠᠩᠭᠢ ᠶᠢᠨ ᠰᠤᠶᠤᠯ ᠤᠨ ᠶᠡᠭᠡ ᠬᠤᠪᠢᠰᠬᠠᠯ》 ᠭᠡᠭ᠍ᠴᠢ ᠨᠢ ᠦᠷᠨᠢᠵᠤ᠂ ᠰᠤᠷᠭᠠᠭᠤᠯᠢ ᠶᠢᠨ ᠪᠠᠢ᠌ᠭ᠎ᠠ ᠭᠠᠵᠠᠷ᠂ ᠬᠤᠰᠢᠭᠤᠨ ᠲᠦᠪ ᠯᠢᠠᠲᠦ᠋ᠩ ᠳ᠋ᠠᠭᠢ ᠣᠷᠪᠠᠯᠭ᠎ᠠ ᠭᠠᠷᠭᠠᠭᠴᠢᠳ 《ᠡᠤ ᠪᠠ》 《ᠱᠤᠤ ᠱᠠᠨ》 ᠭᠡᠭᠦ ᠬᠤᠶᠠᠷ ᠪᠦᠯᠦᠭ᠌ ᠪᠣᠯᠤᠨ ᠳᠠᠮᠠᠴᠠᠯᠳᠤᠵᠤ ᠣᠢ᠌ᠯᠠᠳᠪᠣᠷᠢ ᠠᠵᠢᠯ ᠶᠢᠡᠨ ᠵᠤᠭᠰᠤᠭᠠᠨ᠂ ᠳᠡᠯᠭᠡᠭᠦᠷ ᠬᠤᠳᠠᠯᠳᠤᠭ᠎ᠠ ᠬᠠᠭᠠᠯᠭ᠎ᠠ ᠪᠠᠨ ᠬᠠᠭᠠᠵᠤ᠂ ᠰᠤᠷᠭᠠᠭᠤᠯᠢ ᠭᠢᠴᠢᠶᠠᠯ ᠵᠤᠭᠰᠤᠭᠰᠠᠨ ᠡᠴᠡ ᠳᠡᠭᠦᠤ ᠮᠢᠨᠢ ᠳᠠᠪᠰᠢᠨ ᠰᠤᠷᠤᠯᠴᠠᠬᠤ ᠵᠠᠪᠰᠢᠶᠠᠨ ᠶᠢᠡᠨ ᠲᠦᠷ ᠠᠯᠳᠠᠵᠤ᠂ ᠳᠡᠭᠡᠳᠤ ᠳᠤᠮᠳᠠᠳᠤ ᠪᠠᠨ ᠳᠡᠭᠦᠰᠦᠮᠡᠭ᠍ᠴᠡ ᠨᠤᠳᠤᠭ ᠲᠠᠭᠠᠨ ᠬᠠᠷᠢᠵᠤ ᠨᠠᠢ᠌ᠳᠠ ᠶᠢᠨ ᠠᠵᠢᠯ ᠭᠦᠳᠡᠯᠮᠦᠷᠢ ᠳᠤ ᠣᠷᠤᠯᠴᠠᠭᠰᠠᠨ ᠶᠤᠮ᠃ ᠳᠠᠷᠠ ᠮᠢᠨᠢ ᠠᠬᠠᠮᠠᠤᠨ ᠶᠢᠡᠨ ᠭᠦᠡᠳᠦᠳᠭᠡᠨ᠂ ᠠᠠᠳᠠ ᠨᠥᠭᠦᠤᠨ ᠶᠢᠡᠨ ᠬᠠᠷᠠᠭᠠᠯᠵᠠᠳᠠᠭ ᠠᠰᠪᠣᠷᠢ ᠴᠠᠭᠠᠪᠣᠷ ᠰᠡᠳᠭᠢᠯ ᠲᠡᠶ᠂ ᠠᠵᠢᠯ ᠳᠠᠭᠠᠨ ᠭᠠᠷᠮᠠᠭᠠᠢ᠌ᠯᠠᠨ ᠵᠦᠪ ᠵᠢᠭᠠᠪᠣᠷᠢ ᠶᠢ ᠵᠢᠷᠤᠮᠯᠠᠳᠠᠭ᠂ ᠲᠦᠪ ᠴᠢᠭᠡᠴᠢ ᠵᠠᠩ ᠲᠡᠶ ᠪᠠᠷ ᠶᠢᠡᠨ ᠣᠯᠠᠨ ᠳᠠᠭᠠᠨ ᠭᠦᠷᠢᠶᠡᠯᠡᠭ᠍ᠳᠡᠨ᠂ ᠣᠳᠤᠷᠢᠳᠤᠯᠭ᠎ᠠ ᠵᠠᠰᠠᠭ ᠲᠠᠭᠠᠨ ᠳᠤᠭᠤᠭᠳᠠᠵᠤ 1968 ᠣᠨ ᠡᠴᠡ ᠠᠷᠠᠤᠨ ᠡᠴᠡ ᠡᠷᠭᠢᠯᠡᠭ᠍ᠰᠡᠨ ᠪᠠᠭᠰᠢ ᠪᠠᠷ ᠭᠠᠴᠠᠭᠠᠨ ᠤ ᠪᠠᠨ ᠪᠠᠭ᠎ᠠ ᠰᠤᠷᠭᠠᠭᠤᠯᠢ ᠳᠠᠭᠠᠨ ᠪᠠᠭᠰᠢᠯᠠᠨ 1973 ᠣᠨ ᠳᠤ ᠢᠷᠠᠭᠤ ᠠᠯᠳᠠᠷ ᠲᠡᠶ ᠪᠠᠷ ᠡᠪ ᠬᠠᠮᠳᠤ ᠨᠠᠮ ᠳᠤ ᠡᠯᠰᠡᠭ᠍ᠳᠡᠪᠡ᠃
ᠠᠷᠪᠠᠨ ᠵᠢᠯ ᠤᠨ 《ᠰᠤᠶᠤᠯ ᠤᠨ ᠶᠡᠭᠡ ᠬᠤᠪᠢᠰᠬᠠᠯ》 ᠳᠠᠭᠤᠰᠴᠤ᠂ ᠰᠢᠯᠭᠠᠬᠤ ᠳᠦᠷᠢᠮ ᠢ ᠰᠡᠷᠭᠦᠭᠡᠭ᠍ᠰᠡᠨ ᠤ ᠳᠠᠷᠠᠭ᠎ᠠ ᠳᠡᠭᠦᠤ ᠮᠢᠨᠢ 1973 ᠣᠨ ᠤ ᠨᠠᠮᠤᠷ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠰᠠᠯᠪᠣᠷᠢ ᠳᠤ ᠰᠢᠯᠭᠠᠭᠳᠠᠨ ᠣᠷᠤᠵᠤ᠂ ᠠᠩᠭᠢ ᠶᠢᠨ ᠶᠢᠡᠨ ᠨᠠᠮ ᠤᠨ ᠡᠭᠦᠷ ᠤᠨ ᠱᠦᠵᠢ ᠶᠢᠨ ᠠᠵᠢᠯ ᠢ ᠬᠠᠷᠢᠭᠤᠴᠠᠵᠤ ᠪᠠᠢ᠌ᠵᠠᠢ᠃ 1976 ᠣᠨ ᠳᠤ ᠰᠢᠯᠢᠳᠡᠭ᠌ ᠪᠦᠳᠦᠮᠵᠢ ᠪᠠᠷ ᠰᠤᠷᠤᠯᠭ᠎ᠠ ᠪᠠᠨ ᠳᠡᠭᠦᠰᠭᠡᠵᠤ᠂ ᠰᠤᠷᠭᠠᠭᠤᠯᠢ ᠳᠠᠭᠠᠨ ᠦᠯᠠᠳᠠᠨ ᠪᠠᠭᠰᠢᠯᠠᠭᠠᠤᠨ᠂ ᠮᠤᠩᠭ᠋ᠤᠯ ᠭᠦᠨ ᠣᠬᠠᠭᠠᠨ ᠤ ᠳᠤᠰᠬᠠᠢ ᠮᠡᠷᠭᠡᠵᠢᠯ ᠢ ᠭᠤᠤᠯᠯᠠᠨ ᠪᠠᠢ᠌ᠭᠤᠯᠵᠤ᠂ ᠮᠤᠩᠭ᠋ᠤᠯ ᠭᠦᠨ ᠣᠬᠠᠭᠠᠨ ᠵᠢᠭᠠᠨ ᠰᠤᠳᠤᠯᠬᠤ ᠳᠠᠰᠤᠭ ᠤᠨ ᠳᠠᠰᠤᠭ ᠤᠨ ᠳᠠᠷᠤᠭ᠎ᠠ᠂ ᠨᠠᠮ ᠤᠨ ᠡᠭᠦᠷ ᠤᠨ ᠱᠦᠵᠢ ᠶᠢᠨ ᠳᠤᠰᠢᠶᠠᠯ ᠶᠢᠡᠷ ᠠᠵᠢᠯᠯᠠᠪᠠ᠃
1979 ᠣᠨ ᠳᠤ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠰᠤᠳᠤᠯᠬᠤ ᠰᠤᠷᠤᠭᠴᠢ ᠪᠠᠷ ᠰᠢᠯᠭᠠᠨ ᠣᠷᠤᠵᠤ 1982 ᠣᠨ ᠳᠤ 《ᠠ᠊·ᠣᠤᠠᠽᠠᠷ ᠤᠨ ᠵᠤᠬᠢᠶᠠᠨ ᠪᠦᠳᠦᠭᠡᠯᠭᠡ ᠶᠢᠨ ᠵᠠᠮ ᠭᠢᠭᠡᠳ ᠳᠤᠭᠤᠵᠢᠰ ᠤᠨ ᠣᠷᠠᠯᠢᠭ ᠤᠨ ᠦᠪᠡᠷᠮᠢᠴᠠ ᠰᠢᠠᠵᠢ》 ᠭᠡᠭᠦ ᠳᠤᠯᠤᠭᠠᠨ ᠲᠦᠮᠡᠨ ᠥᠰᠦᠭ᠌ ᠪᠦᠭᠦᠢ ᠥᠭᠦᠯᠡᠯ ᠶᠢᠡᠷ ᠳᠠᠳ᠋ ᠡᠷᠳᠡᠮᠳᠡᠨ ᠴᠤᠯᠠ ᠬᠠᠮᠠᠭᠠᠯᠠᠭᠰᠠᠨ ᠶᠤᠮ᠃
ᠲ᠋ᠤᠰ ᠵᠢᠯ ᠤᠨ ᠡᠪᠦᠯ ᠠᠵᠢᠯ ᠤᠨ ᠭᠡᠷᠡᠭ᠍ᠴᠡᠭᠡ ᠪᠠᠷ ᠦᠪᠣᠷ ᠮᠤᠩᠭ᠋ᠤᠯ ᠤᠨ ᠣᠤᠠᠬ᠎ᠠ ᠣᠷᠠᠯᠢᠭ ᠤᠨ ᠬᠤᠯᠪᠣᠭᠠᠨ ᠤ 《ᠠᠯᠳᠠᠨ ᠲᠦᠯᠭᠢᠭᠦᠷ》 ᠰᠡᠳᠭᠦᠯ ᠳᠤ ᠬᠤᠪᠢᠶᠠᠭᠳᠠᠨ ᠨᠠᠢ᠌ᠷᠠᠭᠤᠯᠤᠭᠴᠢ ᠶᠢᠨ ᠠᠵᠢᠯ ᠡᠷᠭᠢᠯᠡᠪᠡ᠃ ᠭᠡᠳᠤᠨ ᠵᠢᠯ ᠤᠨ ᠳᠤᠷᠰᠢ ᠳᠡᠭᠦᠤ ᠮᠢᠨᠢ ᠡᠪᠡᠳᠴᠢᠨ ᠡᠮᠭᠡᠭ᠌ ᠶᠢᠡᠨ ᠳᠠᠰᠪᠣᠷᠢᠯᠠᠨ᠂ ᠨᠠᠢ᠌ᠷᠠᠭᠤᠯᠤᠭᠴᠢ ᠶᠢᠨ ᠠᠵᠢᠯ ᠶᠢᠡᠨ ᠴᠢᠨᠠᠷᠳᠠᠢ ᠪᠠᠶᠡᠯᠡᠭᠦᠯᠵᠤ ᠦᠨᠳᠦᠰᠦᠳᠠᠨ ᠤ ᠪᠠᠨ ᠣᠤᠠᠬ᠎ᠠ ᠣᠷᠠᠯᠢᠭ ᠤᠨ ᠣᠨᠤᠯ ᠰᠢᠭᠦᠮᠵᠢ ᠶᠢᠨ ᠴᠢᠨᠠᠷᠵᠢᠯ ᠳᠤ ᠣᠶᠤᠨ ᠣᠬᠠᠭᠠᠨ᠂ ᠭᠦᠴᠤᠨ ᠴᠢᠳᠠᠯ ᠶᠢᠡᠨ ᠬᠠᠷᠠᠮ ᠦᠭᠡᠶ ᠰᠢᠪᠬᠠᠨ ᠵᠤᠬᠢᠶᠠᠯ ᠣᠷᠠᠯᠢᠭ᠂ ᠡᠷᠳᠡᠮ ᠰᠢᠡᠵᠢᠯᠡᠭᠡᠨ᠂ ᠬᠠᠤᠯᠢ ᠴᠠᠭᠠᠵᠠ ᠵᠡᠷᠭᠡ ᠶᠢ ᠬᠠᠮᠤᠷᠤᠭᠰᠠᠨ ᠦᠷᠭᠡᠨ ᠳᠡᠯᠭᠡᠷ ᠨᠡᠢ᠌ᠭᠡᠮ ᠤᠨ ᠠᠵᠢᠯᠯᠠᠭ᠎ᠠ ᠪᠠᠷ ᠵᠤᠤ ᠣᠳᠠ᠂ ᠰᠢᠯᠢ ᠶᠢᠨ ᠭᠤᠤᠯ᠂ ᠪᠠᠶᠠᠠᠨᠠᠭᠤᠷ ᠤᠨ ᠳᠠᠯ᠎ᠠ ᠨᠤᠳᠤᠭ᠂ ᠣᠷᠳᠤᠰ ᠤᠨ ᠥᠡᠳᠦᠷᠯᠢᠭ᠌ ᠶᠢᠡᠷ ᠣᠯᠠᠠᠳᠠ ᠶᠠᠪᠣᠵᠤ᠂ ᠮᠤᠩᠭ᠋ᠤᠯ ᠨᠤᠳᠤᠭ ᠤᠨ ᠶᠢᠡᠨ ᠥᠩᠭᠡᠳᠤ ᠭᠦᠷᠦᠰᠤᠨ ᠳᠤ᠂ ᠮᠤᠩᠭ᠋ᠤᠯ ᠰᠤᠶᠤᠯ ᠤᠨ ᠶᠢᠡᠨ ᠦᠪ ᠭᠦᠷᠦᠩᠭᠡ ᠳᠤ ᠰᠢᠷᠭᠠᠭᠤ ᠵᠢᠳᠭᠦᠯ ᠤᠨ ᠣᠯᠠ ᠮᠦᠷ ᠶᠢᠡᠨ ᠥᠯᠡᠳᠡᠭᠡᠭ᠍ᠰᠡᠨ ᠶᠤᠮᠰᠠᠨ᠃
ᠲ᠋ᠡᠭᠦᠤ ᠮᠢᠨᠢ ᠦᠷᠭᠡᠨ ᠳᠡᠯᠭᠡᠷ ᠮᠡᠳᠡᠯᠭᠡ ᠲᠡᠶ᠂ ᠣᠯᠠᠨ ᠳᠠᠭᠠᠨ ᠮᠡᠳᠡᠷᠡᠭ᠍ᠳᠡᠭ᠍ᠰᠡᠨ ᠠᠵᠢᠯ ᠤᠨ ᠴᠢᠳᠠᠪᠣᠷᠢ ᠲᠡᠶ ᠪᠠᠢ᠌ᠭᠰᠠᠨ ᠡᠴᠡ ᠨᠠᠢ᠌ᠷᠠᠭᠤᠯᠬᠤ ᠭᠡᠯᠳᠡᠰ ᠤᠨ ᠶᠢᠡᠨ ᠭᠤᠤᠯ ᠳᠤᠯᠭᠠᠭᠤᠷᠢ ᠶᠢᠨ ᠨᠢᠭᠡ ᠪᠣᠯᠵᠤ ᠮᠤᠩᠭ᠋ᠤᠯ ᠦᠨᠳᠦᠰᠦᠳᠠᠨ ᠤ ᠠᠯᠳᠠᠷᠳᠤ ᠵᠤᠬᠢᠶᠠᠯᠴᠢᠳ ᠤᠨ ᠰᠢᠯᠢᠳᠡᠭ᠌ ᠵᠤᠬᠢᠶᠠᠯ ᠪᠦᠳᠦᠭᠡᠯ ᠤᠨ ᠳᠤᠬᠠᠢ ᠰᠤᠳᠤᠯᠭᠠᠨ ᠭᠢᠵᠤ᠂ ᠤᠷᠢᠳ ᠬᠤᠵᠢᠳ 《ᠢᠰᠢᠳᠠᠠᠽᠠᠠᠸᠠᠩᠵᠢᠯ ᠪᠠ ᠳᠡᠭᠦᠨ ᠤ [ ᠭᠦᠩ ᠤᠨ ᠵᠤᠤ ᠶᠢᠨ ᠭᠡᠭᠡᠨ ᠤ ᠰᠤᠷᠭᠠᠯ ᠰᠢᠯᠦᠭ᠌ ] ᠊ᠤᠨ ᠳᠤᠬᠠᠢ ᠳᠤᠷᠰᠢᠨ ᠥᠭᠦᠯᠡᠭᠦ ᠨᠢ》᠂ 《ᠶᠡᠭᠡ ᠳᠤᠭᠤᠵᠢ [ ᠮᠤᠷᠢᠳᠤ ᠴᠡᠷᠢᠭ᠌ ᠤᠨ ᠳᠠᠭᠤᠯᠠᠯ ] ᠊ᠤᠨ ᠳᠤᠬᠠᠢ》 ᠵᠡᠷᠭᠡ ᠠᠷᠪᠠᠭᠠᠤᠨ ᠰᠢᠭᠦᠮᠵᠢ ᠥᠭᠦᠯᠡᠯ ᠨᠠᠢ᠌ᠳᠠᠯᠠᠵᠤ᠂ ᠣᠤᠠᠬ᠎ᠠ ᠵᠤᠬᠢᠶᠠᠯ ᠤᠨ ᠰᠤᠳᠤᠯᠭᠠᠨ ᠤ ᠭᠢᠨ ᠤ ᠭᠦᠨ ᠠᠩᠬᠠᠷᠤᠯ ᠢ ᠳᠠᠳᠠᠭᠰᠠᠨ ᠶᠤᠮ᠃ ᠮᠦᠨ ᠡᠨᠡᠭᠦ ᠬᠤᠭᠤᠴᠠᠭᠠᠨ ᠳᠠᠭᠠᠨ ᠮᠤᠩᠭ᠋ᠤᠯ ᠦᠨᠳᠦᠰᠦᠳᠠᠨ ᠤ ᠭᠠᠷᠮᠠᠭᠠᠢ ᠣᠢ᠌ᠯᠠᠰ ᠡᠭᠦᠳᠦᠭ᠍ᠴᠢᠳ ᠤᠨ ᠳᠡᠷᠢᠭᠦᠨ ᠤ ᠠᠵᠢᠯᠯᠠᠭ᠎ᠠ ᠪᠠᠷ ᠰᠡᠳᠦᠪᠯᠡᠭ᠍ᠰᠡᠨ ᠮᠡᠳᠡᠭᠡᠯᠡᠯ ᠤᠨ ᠣᠷᠠᠨ ᠵᠤᠬᠢᠶᠠᠯ ᠭᠢᠭᠡᠳ ᠨᠠᠢ᠌ᠷᠠᠭᠤᠯᠤᠯ ᠵᠡᠷᠭᠡ ᠶᠢ ᠴᠤ ᠣᠯᠠᠨ ᠠᠷᠪᠢᠨ ᠪᠢᠴᠢᠵᠤ ᠨᠡᠢ᠌ᠳᠡᠯᠡᠭᠦᠯᠦᠭ᠍ᠰᠡᠨ ᠪᠢᠯᠠ᠃
ᠣᠷᠤᠰ᠂ ᠶᠠᠫᠣᠨ᠂ ᠰᠠᠯᠸᠵᠢᠨ ᠮᠤᠩᠭ᠋ᠤᠯ᠂ ᠣᠢ᠌ᠭᠤᠷᠵᠢᠨ ᠮᠤᠩᠭ᠋ᠤᠯ᠂ ᠭᠢᠳᠠᠤᠨ᠂ ᠡᠡᠩᠭ᠍ᠯᠢ ᠵᠢᠷᠭᠤᠭᠠᠨ ᠳᠦᠷᠤᠯ ᠤᠨ ᠥᠭᠡ ᠭᠡᠯᠡ᠂ ᠥᠰᠦᠭ᠌ ᠪᠢᠴᠢᠭ᠌ ᠲᠤ ᠨᠡᠪᠳᠡᠷᠡᠭ᠍ᠰᠡᠨ ᠳᠡᠭᠦᠤ ᠮᠢᠨᠢ ᠮᠦᠨ ᠴᠤ ᠣᠷ᠎ᠠ ᠠᠪᠢᠶᠠᠰ᠂ ᠣᠬᠠᠭᠠᠨ ᠴᠢᠳᠠᠯ ᠬᠤᠤᠰᠯᠠᠭᠰᠠᠨ ᠪᠦᠭᠡ ᠭᠦᠮᠤᠨ ᠪᠠᠢ᠌ᠭᠰᠠᠨ ᠶᠤᠮ᠃ ᠣᠷᠳᠤᠰ ᠤᠨ ᠥᠡᠳᠦᠷᠯᠢᠭ᠌ ᠶᠢᠡᠷ ᠠᠵᠢᠯ ᠤᠨ ᠴᠢᠬᠤᠯᠴᠢᠯᠠᠭ᠎ᠠ ᠪᠠᠷ ᠶᠠᠪᠣᠵᠤ ᠪᠠᠢ᠌ᠬᠤ ᠳ᠋ᠠᠭᠠᠨ 1976 ᠣᠨ ᠤ 7 ᠰᠠᠷ᠎ᠠ ᠳᠤ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠤᠰᠢᠭᠤᠨ ᠨᠠᠢ᠌ᠷ ᠲᠤ ᠲᠤᠬᠢᠶᠠᠯᠳᠤᠵᠤ᠂ ᠪᠦᠭᠡ ᠶᠢᠨ ᠣᠷᠤᠯᠳᠤᠭᠠᠨ ᠳ᠋ᠤᠨᠢ ᠣᠷᠤᠯᠴᠠᠭᠠᠤᠨ ᠳᠡᠷᠢᠭᠦᠨ ᠱᠠᠩ ᠢ ᠨᠢ ᠳᠤᠰᠤᠭᠰᠠᠨ ᠶᠤᠮ᠃ ᠬᠠᠷᠠᠬᠠᠨ ᠪᠠᠭ᠎ᠠ ᠡᠴᠡ ᠪᠠᠨ ᠦᠨᠳᠦᠰᠦᠳᠠᠨ ᠤ ᠪᠠᠨ ᠣᠯᠠᠮᠵᠢᠯᠠᠯᠳᠤ ᠰᠤᠶᠤᠯ ᠤᠨ ᠦᠪ ᠪᠣᠯᠬᠤ ᠮᠤᠩᠭ᠋ᠤᠯ ᠪᠦᠭᠡ ᠶᠢᠨ ᠮᠡᠷᠭᠡᠵᠢᠯ ᠳᠤ ᠣᠷᠮ᠎ᠠ ᠪᠠᠬ᠎ᠠ᠂ ᠣᠷ᠎ᠠ ᠠᠪᠢᠶᠠᠰ ᠲᠡᠶ ᠪᠠᠢ᠌ᠭᠰᠠᠨ ᠴᠤ ᠠᠵᠢᠯ ᠰᠤᠷᠤᠯᠭ᠎ᠠ ᠶᠢᠨ ᠶᠠᠭᠠᠷᠠᠤ ᠡᠴᠡ ᠳᠤᠷᠭᠤᠨ ᠬᠠᠶᠠᠭᠰᠠᠨ ᠨᠢ ᠮᠦᠨ ᠴᠤ ᠨᠢᠭᠡᠨ ᠬᠠᠷᠠᠮᠰᠠᠯ ᠪᠠᠢ᠌ᠯᠳᠠᠢ᠃
ᠳᠡᠭᠦᠤ ᠮᠢᠨᠢ ᠢᠳᠠᠷ ᠵᠠᠯᠠᠭᠤ ᠨᠠᠰᠤᠨ ᠳᠠᠭᠠᠨ ᠶᠢᠷᠳᠢᠠᠴᠤ ᠶᠢᠨ ᠮᠥᠩᠭᠡ ᠪᠣᠰᠤ ᠶᠢ ᠥᠵᠡᠭᠦᠯᠤᠨ᠂ ᠡᠯᠢᠭᠡᠨ ᠬᠠᠢ᠌ᠷᠠᠳᠤ ᠳᠦᠷᠤᠯ ᠰᠠᠳᠤᠨ᠂ ᠥᠶᠡᠷᠭᠡᠵᠤ ᠳᠠᠰᠤᠯᠴᠠᠭᠰᠠᠨ ᠨᠠᠢ᠌ᠵᠠ ᠨᠥᠭᠦᠤᠨ᠂ ᠦᠪᠡᠷ ᠤᠨ ᠬᠠᠢ᠌ᠷᠠᠳᠠᠢ ᠣᠤᠠᠬ᠎ᠠ ᠰᠤᠶᠤᠯ ᠡᠴᠡ ᠪᠠᠨ ᠳᠠᠩᠴᠤ ᠡᠷᠳᠡ ᠰᠠᠯᠤᠯ᠎ᠠ ᠳ᠋ᠠ᠃ ᠳᠡᠭᠦᠤ ᠶᠢᠨ ᠴᠢᠠᠳᠠᠷ ᠲᠡᠶ ᠰᠠᠯᠬᠤ ᠶᠤᠰᠤᠯᠠᠯ ᠳᠤ ᠠᠯᠳᠠᠷᠳᠤ ᠵᠤᠬᠢᠶᠠᠯᠴᠢ ᠠ᠊·ᠣᠤᠠᠽᠠᠷ ᠭᠠᠰᠢᠭᠤᠳᠠᠯ ᠤᠨ ᠪᠢᠴᠢᠭ᠌ ᠣᠩᠰᠢᠵᠤ᠂ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠨᠦᠩᠨᠠᠢ᠌ᠵᠠᠪ ᠫᠷᠤᠹᠧᠰᠤᠷ ᠳᠤᠰᠬᠠᠢ᠌ᠯᠠᠨ ᠢᠷᠠᠵᠤ ᠄ 《ᠪᠠᠳᠤᠪᠠᠶᠠᠷ ᠮᠢᠨᠢ ᠮᠠᠨ ᠤ ᠦᠨᠳᠦᠰᠦᠳᠠᠨ ᠤ ᠪᠠᠨ ᠪᠠᠰᠠ ᠴᠤ ᠨᠢᠭᠡᠨ ᠣᠳᠤ ᠰᠢᠤ ︕ ᠳᠡᠭᠦᠨ ᠤ ᠮᠢᠨᠢ ᠵᠠᠭᠤᠷᠮᠠᠭ ᠠᠶᠠᠷᠯᠠᠭᠰᠠᠨ ᠨᠢ ᠮᠤᠩᠭ᠋ᠤᠯ ᠦᠨᠳᠦᠰᠦᠳᠠᠨ ᠤ ᠣᠤᠠᠬ᠎ᠠ ᠰᠤᠶᠤᠯ ᠤᠨ ᠬᠤᠪᠢ ᠳᠤ ᠮᠦᠨ ᠨᠢᠭᠡᠨ ᠭᠡᠷᠡᠯᠳᠤ ᠣᠳᠤ ᠣᠨᠠᠭᠰᠠᠨ ᠶᠠᠪᠣᠳᠠᠯ ᠪᠣᠯᠤᠨ᠎ᠠ》 ᠭᠡᠵᠤ ᠭᠠᠰᠢᠭᠤᠳᠠᠨ ᠭᠡᠯᠡᠭ᠍ᠰᠡᠨ ᠪᠢᠯᠠ᠃
ᠳᠡᠭᠦᠤ ᠮᠢᠨᠢ ᠄
ᠵᠢᠷᠦᠭᠡ ᠡᠯᠢᠭᠡ ᠨᠢᠭᠡᠳᠡᠢ ᠳᠦᠷᠤᠯ ᠰᠠᠳᠤᠨ ᠴᠢᠨᠢ
ᠴᠢᠮ᠎ᠠ ᠶᠢ ᠰᠠᠨᠠᠭᠠᠯᠵᠠᠨ᠎ᠠ
ᠵᠤᠷᠢᠭ ᠭᠦᠰᠡᠯ ᠨᠢᠭᠡᠳᠡᠢ ᠨᠠᠢ᠌ᠵᠠ ᠨᠥᠭᠦᠤᠨ ᠴᠢᠨᠢ
ᠴᠢᠮ᠎ᠠ ᠶᠢ ᠳᠤᠷᠠᠰᠤᠨ᠎ᠠ
ᠵᠠᠭᠤᠷᠮᠠᠭ ᠬᠠᠶᠠᠭᠰᠠᠨ ᠣᠢ᠌ᠯᠠᠰ ᠢ ᠴᠢᠨᠢ ᠵᠠᠯᠭᠠᠮᠵᠢᠯᠠᠭᠰᠠᠨ ᠦᠷ᠎ᠡ ᠬᠣᠢ᠌ᠴᠢᠰ ᠴᠢᠨᠢ
ᠴᠢᠮ᠎ᠠ ᠶᠢ ᠳᠤᠷᠠᠳᠬᠠᠨᠠ
ᠳᠡᠭᠡᠭᠦ ᠳᠡᠭᠡᠨ ᠳᠡᠭᠦᠤ ᠮᠢᠨᠢ ᠳᠠ ︕
ᠦᠨᠡᠨ ᠬᠠᠢ᠌ᠷᠠᠳᠤ ᠥᠡᠳᠦᠷᠯᠢᠭ᠌ ᠤᠨ ᠭᠦᠷᠦᠰᠤ ᠪᠠᠨ
ᠦᠨᠦᠰᠤᠨ ᠳᠠᠪᠠᠷᠢᠵᠤ
ᠦᠨᠢᠳᠠ ᠵᠢᠳᠭᠦᠭ᠍ᠰᠡᠨ ᠣᠤᠠᠬ᠎ᠠ ᠰᠤᠶᠤᠯ ᠵᠢᠠᠨ
ᠨᠠᠠᠳᠢᠩᠨᠠᠨ ᠪᠠᠷᠠᠯᠠᠬᠤ ᠳ᠋ᠠᠭᠠᠨ
ᠡᠶᠡᠪᠠᠷᠭᠦ ᠥᠶᠡᠯᠵᠡᠭᠦ ᠮᠤᠩᠭ᠋ᠤᠯ ᠰᠠᠯᠭᠢᠨ ᠳ᠋ᠠᠭᠠᠨ
ᠨᠤᠳᠤᠭ ᠲᠡᠶ ᠪᠠᠨ ᠴᠤᠭ ᠢᠯᠪᠢᠭᠦᠯᠵᠤ
ᠥᠭᠡᠳᠡᠯᠡᠵᠤ ᠭᠦᠭ᠍ᠵᠢᠭᠦ ᠮᠤᠩᠭ᠋ᠤᠯ ᠳᠤᠯᠭᠢᠶᠠᠨ ᠳ᠋ᠠᠭᠠᠨ
ᠰᠤᠶᠤᠯ ᠲᠡᠶ ᠪᠠᠨ ᠬᠠᠮᠳᠤ ᠮᠥᠩᠭᠡᠷᠡᠭᠦ ᠨᠢ ᠡ ︕
ᠳᠡᠭᠦᠤ ᠮᠢᠨᠢ ᠠᠮᠤᠷᠠᠯᠠᠩᠭ᠋ᠤᠢ ᠨᠣᠢ᠌ᠷᠰᠤᠭᠠᠷᠠᠢ ︕
2010 ᠣᠨ ᠤ11 ᠰᠠᠷ᠎ᠠ
ᠯᠢᠠᠲᠦ᠋ᠩ ᠪᠠᠯᠭᠠᠰᠤᠨ᠎ᠠ ᠪᠢᠴᠢᠪᠠ᠃
ᠵᠤᠬᠢᠶᠠᠭᠴᠢ᠄ ᠽᠠᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6216
ᠴᠠᠭ᠄ 2011 ᠤᠨ ᠤ 06 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ