☆ ᠡᠰᠨᠢᠯ
ᠭᠡᠦᠭᠡᠨ ᠵᠠᠶᠠᠭ᠎ᠠ
᠊᠊᠊᠊᠊᠊᠊᠊᠊᠊᠊᠊᠊᠊᠊ ᠦᠬᠢᠨ ᠳᠡᠭᠦᠤ ᠲᠡᠶ ᠪᠠᠨ ᠠᠭᠤᠯᠵᠠᠭᠠᠤᠨ
ᠭᠡᠦᠭᠡᠨ ᠵᠠᠶᠠᠭᠠᠨ ᠤ ᠳᠤᠤᠯᠢ ᠬᠠᠶᠢᠭᠯᠠᠵᠤ
ᠬᠠᠷᠢ ᠭᠠᠵᠠᠷ ᠮᠤᠷᠳᠠᠯ᠎ᠠ
ᠭᠡᠴᠡᠭᠦᠤ ᠪᠠᠷᠭᠡ ᠰᠠᠨᠠᠯ ᠤᠨ ᠰᠢᠨᠠᠯᠭᠠᠯ ᠵᠢᠠᠷ
ᠠᠷᠤ ᠨᠤᠳᠤᠭ ᠶᠢᠡᠨ ᠡᠷᠭᠢᠯ᠎ᠡ
ᠭᠡᠵᠢᠶ᠎ᠡ ᠭᠡᠵᠢᠶᠡᠨᠡᠢ ᠡᠳ᠋ᠯᠡᠯ ᠭᠡᠷᠡᠭ᠍ᠰᠡᠯ
ᠭᠡᠪ ᠨᠢᠭᠡ ᠶᠢ ᠳᠤᠷᠠᠰᠤᠭᠤᠯᠵᠤ
ᠭᠡᠯᠭᠢᠶ᠎ᠡ ᠭᠡᠯᠭᠢᠶ᠎ᠡ ᠰᠤᠪᠣᠤᠨ ᠤᠨ ᠮᠥᠭᠦᠯᠢᠭ᠌
ᠬᠠᠴᠠᠷ ᠢ ᠨᠢ ᠳᠠᠭᠠᠵᠤ ᠪᠦᠩᠵᠦᠭᠡᠨᠡᠨᠡ
ᠰᠠᠠᠰᠠᠷ ᠤᠨ ᠬᠤᠷᠮᠤᠢ ᠶᠢ ᠰᠠᠷᠠᠪᠴᠢᠯᠠᠨ ᠰᠠᠷᠠᠪᠴᠢᠯᠠᠨ
ᠦᠣᠷ ᠦᠳᠡᠰᠢ ᠪᠠᠷ ᠥᠭᠡᠢ᠌ᠯᠡᠳᠡᠭ᠌
ᠰᠠᠠᠴᠢᠭ ᠪᠣᠭᠤᠷᠤᠯ ᠰᠠᠮᠠᠭᠠᠨ ᠡᠵᠢ ᠵᠢᠨ
ᠰᠠᠨᠠᠭ᠎ᠠ ᠪᠣᠳᠤᠯ ᠠᠭᠤᠵᠢᠷᠠᠪᠠ
ᠰᠠᠴᠤᠭᠠᠤᠨ ᠯᠠ ᠬᠠᠶᠠᠭᠰᠠᠨ ᠣᠰᠤ ᠰᠢᠭ
ᠭᠦᠨᠡᠢ᠌ᠷᠭᠡᠵᠤ ᠶᠠᠪᠣᠭᠰᠠᠨ ᠭᠡᠦᠭᠡᠨ
ᠰᠠᠨᠠᠬᠤ ᠶᠢᠨ ᠡᠷᠭᠡᠨ ᠳᠤ ᠳᠦᠷᠭᠦᠮ ᠳᠤ ᠪᠠᠨ ᠢᠷᠡᠭᠡᠳ
ᠰᠠᠷᠠᠭᠤᠯ ᠳᠠᠯ᠎ᠠ ᠰᠢᠭ ᠣᠩᠭ᠋ᠣᠢ᠌ᠪᠠ
ᠠᠮᠢᠨ ᠬᠠᠢ᠌ᠷᠠᠳᠠᠢ ᠭᠠᠭᠴᠠ ᠦᠬᠢᠨ
ᠠᠯᠤᠰ ᠭᠠᠵᠠᠷ ᠵᠠᠶᠠᠭᠠᠭᠰᠠᠨ ᠳᠤ ᠪᠠᠨ
ᠠᠮᠢᠳᠤ ᠪᠣᠷᠬᠠᠨ ᠨᠠᠰᠤᠳᠠᠨ ᠡᠵᠢ ᠪᠠᠨ
ᠡᠳᠦᠷ ᠤᠨ ᠵᠡᠭᠦᠳᠤ ᠪᠠᠷ ᠮᠠᠨᠠᠳᠠᠭ
ᠣᠴᠠᠷᠠᠵᠤ ᠣᠴᠠᠷᠠᠵᠤ ᠡᠭᠡ ᠭᠡᠦᠭᠡᠨ
ᠣᠶᠠᠷᠠᠯ ᠤᠨ ᠡᠰ ᠶᠢᠡᠨ ᠰᠢᠳᠠᠭᠠᠨ
ᠣᠵᠤᠭᠤᠷ ᠣᠴᠢᠷ ᠥᠩᠭᠡᠷᠡᠭ᠍ᠰᠡᠨ ᠦᠯᠢᠭᠡᠷ ᠵᠢᠠᠷ
ᠦᠣᠷ ᠤᠨ ᠭᠡᠭᠡ ᠶᠢ ᠣᠭᠳᠤᠨ᠎ᠠ᠃
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12091
ᠴᠠᠭ᠄ 2013 ᠤᠨ ᠤ 05 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ