ᠨᠡᠪᠲᠡᠷᠡᠨ ᠤᠷᠤᠬᠤ
ᠨᠤᠳᠤᠭ ᠤᠨ ᠬᠠᠢ᠌ᠷ᠎ᠠ

ᠨᠤᠳᠤᠭ ᠤᠨ ᠬᠠᠢ᠌ᠷ᠎ᠠ ᠪᠣᠯ

ᠨᠢᠳᠤ ᠳᠦᠭᠦᠷᠡᠩ ᠨᠢᠯᠪᠣᠰᠤ ᠮᠢᠨᠢ ᠪᠢᠯᠠ

ᠰᠠᠤᠠᠭᠢᠯ ᠳᠦᠭᠦᠷᠡᠩ ᠮᠥᠷᠦᠭᠡᠳᠦᠯ ᠮᠢᠨᠢ ᠪᠢᠯᠠ᠃

ᠨᠤᠳᠤᠭ ᠤᠨ ᠬᠠᠢ᠌ᠷ᠎ᠠ ᠪᠣᠯ

ᠨᠢᠭᠤᠵᠤ ᠣᠭᠢᠯᠠᠭᠰᠠᠨ ᠡᠵᠢ ᠮᠢᠨᠢ ᠪᠢᠯᠠ

ᠢᠯᠠ ᠠᠭᠤᠷᠯᠠᠭᠰᠠᠨ ᠠᠪᠣ ᠮᠢᠨᠢ ᠪᠢᠯᠠ᠃

ᠨᠤᠳᠤᠭ ᠤᠨ ᠬᠠᠢ᠌ᠷ᠎ᠠ ᠪᠣᠯ

ᠨᠤᠭᠤᠭᠠᠨ ᠳᠠᠯ᠎ᠠ ᠶᠢᠨ ᠳᠤᠮᠳᠠᠭᠢ ᠨᠢᠭᠡ ᠪᠣᠳᠠ ᠴᠡᠴᠡᠭ᠌ ᠪᠢᠯᠠ

ᠨᠤᠮᠢᠨ ᠣᠢ ᠶᠢᠨ ᠳᠤᠮᠳᠠᠭᠢ ᠨᠢᠭᠡ ᠠᠯᠠᠭ ᠰᠢᠪᠠᠤᠬᠠᠢ ᠪᠢᠯᠠ

ᠨᠤᠳᠤᠭ ᠤᠨ ᠬᠠᠢ᠌ᠷ᠎ᠠ ᠪᠣᠯ

ᠮᠠᠷᠳᠠᠵᠤ ᠴᠢᠳᠠᠬᠤ ᠦᠭᠡᠶ ᠠᠷᠪᠠᠨ ᠳᠠᠪᠤᠨ ᠤ ᠰᠠᠷᠠ ᠪᠢᠯᠠ

ᠠᠩᠭᠢᠷ ᠣᠭᠤᠷᠠᠭ ᠤᠨ ᠠᠮᠳᠠ ᠪᠢᠯᠠ

ᠨᠤᠳᠤᠭ ᠤᠨ ᠬᠠᠢ᠌ᠷ᠎ᠠ ᠪᠣᠯ

ᠦᠳᠡᠰᠢ ᠶᠢᠨ ᠵᠡᠭᠦᠳᠤᠨ ᠤ ᠠᠩᠭᠢᠯᠤᠮᠠᠯ ᠬᠤᠷ᠎ᠠ ᠪᠢᠯᠠ

ᠡᠳᠦᠷ ᠤᠨ ᠪᠣᠳᠤᠯ ᠤᠨ ᠬᠠᠩᠬᠤᠯᠤᠮ᠎ᠠ ᠴᠠᠢ ᠪᠢᠯᠠ᠃

ᠵᠤᠬᠢᠶᠠᠭᠴᠢ᠄ ᠭᠦᠢ ᠶ‍ᠢᠩ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3569
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ